Google ᠡ‍ᠨᠡᠳᠬᠡᠭ ᠲᠦ ᠬᠥᠷᠦᠩᠭᠡ ᠣᠷᠤᠭᠤᠯᠤᠨ᠎ᠠ | News.MN

Google ᠡ‍ᠨᠡᠳᠬᠡᠭ ᠲᠦ ᠬᠥᠷᠦᠩᠭᠡ ᠣᠷᠤᠭᠤᠯᠤᠨ᠎ᠠ

Google ᠺᠣᠮᠫᠠᠨᠢ ᠨᠢᠭᠡ ᠲᠡᠷᠪᠤᠮ ᠬᠡᠷᠡᠭᠯᠡᠭᠴᠢ ᠶᠢᠨ ᠢᠶᠡᠨ ᠢᠨᠲ᠋ᠧᠷᠨᠧᠲ ᠤᠨ ᠦᠨ᠎ᠡ ᠵᠢ ᠪᠠᠭᠤᠷᠠᠭᠤᠯᠬᠤ ᠵᠢᠨ ᠲᠤᠯᠠᠳᠠ ᠡ‍ᠨᠡᠳᠬᠡᠭ ᠲᠦ 10 ᠲᠡᠷᠪᠤᠮ ᠳ᠋ᠤᠯᠯᠠᠷ ᠤᠨ ᠬᠥᠷᠦᠩᠭᠡ ᠣᠷᠤᠭᠤᠯᠬᠤ ᠪᠠᠷ ᠪᠣᠯᠵᠠᠢ᠃ ᠭᠦᠢᠴᠡᠳᠬᠡᠬᠦ ᠵᠠᠬᠢᠷᠤᠯ ᠰᠤᠨᠳᠠᠢ ᠫᠢᠼᠠᠢ ᠳᠠᠸᠠ ᠭᠠᠷᠠᠭ ᠲᠤ ᠪᠣᠯᠤᠭᠰᠠᠨ Google ᠺᠣᠮᠫᠠᠨᠢ ᠵᠢᠨ ᠴᠠᠬᠢᠮ ᠬᠤᠷᠠᠯ  ᠤᠨ ᠦᠶ᠎ᠡ ᠪᠡᠷ︽ᠡ‍ᠨᠡ ᠬᠥᠷᠦᠩᠭᠡ ᠣᠷᠤᠭᠤᠯᠤᠯᠲᠠ ᠡ‍ᠨᠡᠳᠬᠡᠭ  ᠤᠨ ᠲᠧᠭᠨᠤᠯᠤᠭᠢ ᠵᠢᠨ ᠢᠷᠡᠭᠡᠳᠦᠢ ᠵᠢᠨ ᠬᠥᠭᠵᠢᠯ ᠳ᠋ᠦ ᠰᠠᠢᠢᠨ ᠦᠷ᠎ᠡ ᠨᠥᠯᠦᠭᠡ ᠦᠵᠡᠭᠦᠯᠦᠨ᠎ᠡ ᠭᠡᠳᠡᠭ ᠲᠦ ᠢᠲᠡᠭᠡᠯ ᠲᠠᠢ ᠪᠠᠢᠢᠨ᠎ᠠ ᠃ ᠤᠯᠠᠮ ᠵᠢᠨᠷ ᠡ‍ᠨᠡ ᠨᠢ ᠵᠠᠯᠠᠭᠤ ᠦᠶ᠎ᠡ ᠵᠢᠨ ᠬᠢᠨ ᠳ᠋ᠦ ᠠᠰᠤᠷᠤ ᠶᠡᠬᠡ ᠤᠷᠮ᠎ᠠ ᠵᠤᠷᠢᠭ ᠥᠭᠴᠦ ᠪᠤᠢ ᠬᠡᠷᠡᠭ︾ᠭᠡᠵᠡᠢ ᠃

Google ᠺᠣᠮᠫᠠᠨᠢ ᠢᠷᠡᠬᠦ 5 – 7 ᠵᠢᠯ ᠳ᠋ᠦ ᠡ‍ᠨᠡᠳᠬᠡᠭ ᠤᠨ ᠲᠧᠭᠨᠤᠯᠤᠭᠢ ᠵᠢᠨ ᠰᠠᠯᠪᠤᠷᠢ ᠵᠢ ᠬᠥᠭᠵᠢᠭᠦᠯᠬᠦ  10 ᠲᠡᠷᠪᠤᠮ ᠳ᠋ᠤᠯᠯᠠᠷ ᠊ᠢ ᠡ‍ᠨᠡᠳᠬᠡᠭ ᠬᠥᠮᠦᠨ ᠪᠦᠷᠢ ᠥᠪᠡᠷ ᠤᠨ ᠬᠡᠯᠡ ᠳᠡᠭᠡᠷ᠎ᠡ ᠬᠢᠮᠳᠠ ᠬᠦᠷᠲᠡᠭᠡᠮᠵᠢ ᠲᠠᠢ ᠮᠡᠳᠡᠭᠡᠯᠡᠯ ᠣᠯᠵᠤ ᠠᠪᠬᠤ᠂ ᠥᠪᠡᠷᠰᠡᠳ ᠤᠨ ᠥᠪᠡᠷᠮᠢᠴᠡ ᠬᠡᠷᠡᠭᠴᠡᠭᠡᠨ ᠳ᠋ᠦ ᠨᠡᠢᠢᠴᠡᠭᠰᠡᠨ ᠰᠢᠨ᠎ᠡ ᠪᠦᠲᠦᠭᠡᠭᠳᠡᠬᠦᠨ ᠦᠢᠯᠡᠳᠪᠦᠷᠢᠯᠡᠬᠦ ᠂ ᠡ‍ᠷᠡᠭᠦᠯ ᠮᠡᠨᠳᠦ ᠂ ᠪᠣᠯᠪᠠᠰᠤᠷᠠᠯ ᠂ ᠬᠥᠳᠡᠭᠡ ᠠᠵᠤ ᠠᠬᠤᠢ ᠵᠢᠨ ᠰᠠᠯᠪᠤᠷᠢ ᠳ᠋ᠤ ᠪᠠᠨ ᠬᠢᠮᠡᠯ ᠣᠶᠤᠨ ᠤᠬᠠᠭᠠᠨ ᠊ᠢ ᠨᠡᠪᠲᠡᠷᠡᠭᠦᠯᠬᠦ ᠳ᠋ᠦ ᠵᠠᠷᠤᠴᠠᠭᠤᠯᠬᠤ ᠶᠤᠮ ᠪᠠᠢᠢᠨ᠎ᠠ ᠃

 

ᠰᠡᠳᠬᠢᠭᠳᠡᠯ ᠦᠯᠡᠳᠡᠭᠡᠬᠦ