7.15 ᠤ ᠪᠠᠢᠳᠠᠯ ᠢᠶᠠᠷ ᠮᠤᠩᠭᠤᠯ ᠳᠤ 261 ᠬᠦᠮᠦᠨ ᠳᠦ ᠸᠢᠷᠦ᠋ᠰ ᠬᠠᠯᠳᠠᠪᠤᠷᠢᠯᠠᠵᠤ᠂ 207 ᠨᠢ ᠡᠳᠡᠭᠡᠷᠡᠭᠰᠡᠨ ᠪᠠᠢᠨ᠎ᠠ | News.MN

7.15 ᠤ ᠪᠠᠢᠳᠠᠯ ᠢᠶᠠᠷ ᠮᠤᠩᠭᠤᠯ ᠳᠤ 261 ᠬᠦᠮᠦᠨ ᠳᠦ ᠸᠢᠷᠦ᠋ᠰ ᠬᠠᠯᠳᠠᠪᠤᠷᠢᠯᠠᠵᠤ᠂ 207 ᠨᠢ ᠡᠳᠡᠭᠡᠷᠡᠭᠰᠡᠨ ᠪᠠᠢᠨ᠎ᠠ

ᠮᠤᠩᠭᠤᠯ ᠤᠯᠤᠰ ᠤᠨ ᠡ‍ᠷᠡᠭᠦᠯ ᠮᠡᠨᠳᠦ ᠵᠢᠨ ᠶᠠᠮᠤᠨ ᠪ 2020.07.15 ᠦ ᠡ‍ᠭᠡᠯᠵᠢᠲᠦ ᠬᠤᠷᠠᠯ  ᠤᠨ ᠦᠶ᠎ᠡ ᠪᠡᠷ ᠬᠠᠯᠳᠠᠪᠤᠷᠢᠲᠤ ᠡ‍ᠪᠡᠳᠴᠢᠨ ᠰᠤᠳᠤᠯᠤᠯ  ᠤᠨ ᠦᠨᠳᠦᠰᠦᠨ ᠪ ᠲᠥᠪ ᠤᠨ ᠵᠠᠬᠢᠷᠤᠯ ᠳ᠋᠊·ᠨᠢᠮᠠᠬᠦᠦ ᠺᠣᠷᠤᠨᠠ ᠸᠢᠷᠦ᠋ᠰ ᠦᠨ ᠬᠠᠯᠳᠠᠪᠤᠷᠢ ᠵᠢᠨ ᠲᠤᠬᠠᠢ ᠮᠡᠳᠡᠭᠡᠯᠡᠯ ᠥᠭᠭᠦᠯ᠎ᠡ᠃ ᠲᠡᠷᠡᠪᠡᠷ᠂ ᠠᠹᠭᠠᠨᠢᠰᠲ᠋ᠠᠨ ᠡᠴᠠ ᠥᠴᠦᠭᠡᠳᠦᠷ︵07.14︶ ᠤᠨ ᠣᠩᠭᠤᠴᠠ ᠪᠡᠷ ᠢᠷᠡᠭᠰᠡᠨ 51 ᠴᠡᠷᠢᠭ  ᠤᠨ ᠠᠯᠪᠠ ᠬᠠᠭᠠᠭᠴᠢ ᠵᠢᠨ 18᠎ ᠳ᠋ᠦ ᠨᠢ ᠺᠣᠷᠤᠨᠠ ᠸᠢᠷᠦ᠋ᠰ ᠢᠯᠡᠷᠡᠭᠰᠡᠨ᠃ ᠮᠠᠨᠠᠢ ᠤᠯᠤᠰ ᠲᠤ ᠺᠣᠷᠤᠨᠠ ᠸᠢᠷᠦ᠋ᠰ ᠤᠨ 261 ᠲᠤᠬᠢᠶᠠᠯᠳᠤᠯ ᠠᠯᠪᠠᠨ ᠶᠤᠰᠣ ᠪᠡᠷ ᠪᠦᠷᠢᠳᠬᠡᠭᠳᠡᠭᠰᠡᠨ ᠡ‍ᠴᠡ 207 ᠶᠢ ᠨᠢ ᠡ‍ᠳᠡᠭᠡᠭᠡᠭᠰᠡᠨ ᠪᠠᠢᠢᠨ᠎ᠠ ᠭᠡᠪᠡ᠃ ᠮᠦᠨ ᠳᠤᠯᠤᠭᠠᠨ ᠰᠠᠷ᠎ᠠ ᠵᠢᠨ 12᠎ ᠳ᠋ᠦ ᠠᠹᠭᠠᠨᠢᠰᠲ᠋ᠠᠨ ᠡᠴᠠ ᠡᠬᠢᠨ ᠦ 62 ᠴᠡᠷᠢᠭ ᠢᠷᠡᠭᠰᠡᠨ ᠡᠴᠡ10 ᠳᠦ ᠨᠢ ᠬᠠᠯᠳᠠᠪᠤᠷᠢ ᠢᠯᠡᠷᠡᠭᠡᠳ ᠪᠠᠢᠭᠰᠠᠨ ᠶᠤᠮ᠃ ᠢᠩᠭᠢᠭᠡᠳ ᠠᠹᠭᠠᠨᠢᠰᠲ᠋ᠠᠨ ᠡᠴᠠ 113 ᠡᠩᠬᠡ ᠶᠢ ᠰᠠᠬᠢᠭᠤᠯᠤᠭᠴᠢ ᠢᠷᠡᠭᠰᠡᠨ ᠦ 28 ᠨᠢ ᠬᠠᠯᠳᠠᠪᠤᠷᠢ ᠠᠪᠤᠭᠰᠠᠨ ᠨᠢ ᠲᠤᠭᠲᠠᠭᠠᠭᠳᠠᠵᠠᠢ᠃ ᠡᠨᠡ ᠲᠤᠭ᠎ᠠ ᠨᠡᠮᠡᠭᠳᠡᠬᠦ ᠡᠰᠡᠬᠦ ᠶᠢ ᠳᠠᠷᠠᠭ᠎ᠠ ᠶᠢᠨ ᠰᠢᠨᠵᠢᠯᠡᠭᠡᠨ ᠢᠶᠡᠷ ᠲᠤᠭᠲᠠᠭᠠᠬᠤ ᠪᠤᠯᠤᠨ᠎ᠠ᠃ 13 ᠳᠤ 80 ᠨᠠᠰᠤᠲᠠᠢ ᠡ‍ᠮᠡᠭᠲᠡᠢ 24 ᠬᠤᠨᠤᠭ ᠡᠮᠴᠢᠯᠡᠭᠦᠯᠦᠭᠡᠳ ᠡ‍ᠳᠡᠭᠡᠷᠡᠵᠦ᠂  ᠡᠮᠨᠡᠯᠭᠡ ᠡᠴᠡ ᠭᠠᠷᠤᠭᠰᠠᠨ ᠶᠤᠮ᠃

ᠮᠤᠩᠭᠤᠯ ᠤᠯᠤᠰ  ᠦᠨ ᠰᠢᠳᠠᠷ ᠰᠠᠢᠢᠳ︵ᠳᠡᠳ᠋ ᠶᠡᠷᠦᠩᠬᠡᠢ ᠰᠠᠢᠳ︶ ᠶᠠ᠊·ᠰᠤᠳᠤᠪᠠᠭᠠᠲᠤᠷ ᠢᠶᠠᠷ ᠠᠬᠠᠯᠠᠭᠤᠯᠤᠭᠰᠠᠨ ᠴᠠᠭᠳᠠᠭ᠎ᠠ ᠶᠢᠨ ᠶᠡᠷᠦᠩᠬᠡᠢ ᠭᠠᠵᠠᠷ᠂ ᠣᠨᠴᠠᠭᠠᠢ ᠪᠠᠢᠳᠠᠯ ᠤᠨ ᠶᠡᠷᠦᠩᠬᠡᠢ ᠭᠠᠵᠠᠷ᠂ ᠰᠠᠩ ᠤᠨ ᠶᠠᠮᠤᠨ ᠵᠡᠷᠭᠡ ᠬᠤᠯᠪᠣᠭᠳᠠᠬᠤ ᠠᠯᠪᠠᠨ ᠪ ᠬᠢ ᠡ‍ᠴᠡ ᠪᠦᠷᠢᠳᠦᠭᠰᠡᠨ ᠤᠯᠤᠰ  ᠤᠨ ᠣᠨᠴᠠᠭᠠᠢ ᠺᠣᠮᠢᠰ  ᠤᠨ ᠬᠢᠨ ᠡ‍ᠷᠡᠭᠦᠯ ᠮᠡᠨᠳᠦ ᠵᠢᠨ ᠰᠠᠯᠪᠤᠷᠢ ᠵᠢᠨ ᠪᠡᠯᠡᠳᠬᠡᠯ᠂ ᠪᠡᠯᠡᠨ ᠪᠠᠢᠢᠳᠠᠯ ᠊ᠢ  ᠰᠢᠯᠭᠠᠬᠤ ᠦᠶ᠎ᠡ ᠪᠡᠷ ᠳ᠋᠊ · ᠨᠢᠮᠠᠬᠦᠦ᠄ ᠪᠢᠳᠠᠨ ᠪ ᠬᠠᠮᠤᠭ ᠦᠨ ᠥᠨᠳᠦᠷ ᠡ‍ᠷᠡᠰᠳᠡᠯ ᠲᠠᠢ ᠦᠶ᠎ᠡ ᠨᠢ 10 ᠳ᠋ᠤᠭᠠᠷ ᠰᠠᠷ᠎ᠠ ᠪᠠᠢᠢᠬᠤ ᠪᠣᠯᠤᠨ᠎ᠠ᠃ ᠤᠴᠢᠷ ᠨᠢ ᠡ‍ᠨᠡ ᠨᠢ ᠤᠯᠠᠷᠢᠯ ᠦᠨ ᠳᠠᠪᠲᠠᠮᠵᠢ ᠲᠠᠢ ᠲᠤᠮᠤᠭᠤ ᠵᠢᠨ ᠦᠶ᠎ᠡ᠃ ᠲᠡᠢᠢᠮᠦ ᠡ‍ᠴᠡ ᠺᠤᠸᠢᠳ᠋ – 19 ᠬᠠᠯᠳᠠᠪᠤᠷᠢ ᠲᠠᠢ ᠵᠡᠷᠭᠡᠴᠡᠨ ᠲᠤᠮᠤᠭᠤ ᠡᠴᠠ ᠤᠷᠢᠳᠴᠢᠯᠠᠨ ᠰᠡᠷᠭᠡᠢᠢᠯᠡᠵᠦ᠂ ᠡᠷᠡᠰᠳᠡᠯᠲᠤ ᠪᠦᠯᠦᠭ ᠊ᠢ ᠸᠠᠺᠼᠢᠨ ᠳ᠋ᠤ ᠬᠠᠮᠤᠷᠤᠭᠤᠯᠬᠤ ᠱᠠᠭᠠᠷᠳᠠᠯᠭ᠎ᠠ ᠪᠠᠢᠢᠭ᠎ᠠ ᠵᠢ ᠠᠩᠬᠠᠷᠤᠭᠤᠯᠵᠤ᠂ 200 ᠭᠠᠷᠤᠢ ᠮᠢᠩᠭᠠᠨ ᠲᠤᠩ ᠲᠤᠮᠤᠭᠤ ᠵᠢᠨ ᠸᠠᠺᠼᠢᠨ ᠤᠷᠢᠳᠴᠢᠯᠠᠨ ᠵᠠᠬᠢᠶᠠᠯᠠᠭᠰᠠᠨ᠂ ᠸᠠᠺᠼᠢᠨ ᠪ ᠨᠥᠭᠡᠴᠡ ᠵᠢ 500 ᠮᠢᠩᠭᠠᠨ ᠲᠤᠩ ᠬᠦᠷᠭᠡᠬᠦ ᠱᠠᠭᠠᠷᠳᠠᠯᠭ᠎ᠠ ᠪᠠᠢᠢᠭ᠎ᠠ ᠵᠢ ᠤᠨᠴᠠᠯᠠᠵᠤ ᠬᠡᠯᠡᠯ᠎ᠡ᠃

ᠴ᠊·ᠰᠤᠳᠤᠪᠠᠭᠠᠲᠤᠷ᠄ ᠥᠨᠦᠳᠦᠷ ᠪᠢᠳᠠ ᠳᠤᠲᠤᠭᠠᠳᠤ ᠳ᠋ᠤ ᠪᠠᠨ ᠬᠠᠯᠳᠠᠪᠤᠷᠢ ᠠᠯᠳᠠᠭ᠎ᠠ ᠦᠭᠡᠢ ᠪᠠᠢᠢᠨ᠎ᠠ᠃ ᠴᠠᠭᠠᠰᠢᠳᠠ ᠬᠠᠯᠳᠠᠪᠤᠷᠢ ᠵᠢ ᠳᠤᠲᠤᠭᠠᠳᠤ ᠳᠦ ᠠᠯᠳᠠᠭᠰᠠᠨ ᠲᠤᠬᠢᠶᠠᠯᠳᠤᠯ ᠳᠦ ᠬᠤᠶᠠᠷ᠂ ᠭᠤᠷᠪᠠᠳᠤᠭᠠᠷ ᠱᠠᠲᠤᠨ ᠪ ᠠᠷᠭ᠎ᠠ ᠬᠡᠮᠵᠢᠶ᠎ᠡ ᠵᠢ ᠬᠡᠷᠬᠢᠨ ᠠᠪᠬᠤ ᠪᠤᠢ᠂ ᠡ‍ᠭᠦᠨ ᠳ᠋ᠦ ᠪᠡᠯᠡᠨ ᠦᠦ ᠭᠡᠳᠡᠭ ᠊ᠢ ᠭᠠᠵᠠᠷ ᠳᠡᠭᠡᠷ᠎ᠡ ᠨᠢ ᠰᠢᠯᠭᠠᠵᠤ ᠪᠠᠢᠢᠨ᠎ᠠ ᠃ ᠵᠢᠷᠭᠤᠳᠤᠭᠠᠷ ᠰᠠᠷ᠎ᠠ ᠳᠦ ᠬᠢᠭᠰᠡᠨ ᠦᠨᠡᠯᠡᠭᠡ ᠪᠡᠷ ᠮᠤᠩᠭᠤᠯ ᠤᠯᠤᠰ ᠥᠨᠳᠦᠷ ᠡ‍ᠷᠡᠰᠳᠡᠯ ᠲᠠᠢ ᠭᠡᠰᠡᠨ ᠣᠷᠤᠨ ᠪ ᠲᠤᠭᠠᠨ ᠳᠦ ᠣᠷᠤᠭᠰᠠᠨ᠃ ᠨᠠᠢᠮᠠᠳᠤᠭᠠᠷ ᠰᠠᠷ᠎ᠠ ᠵᠢᠨ ᠡ‍ᠬᠢ ᠪᠡᠷ ᠠᠷᠪᠠᠳᠠᠬᠢ ᠦᠨᠡᠯᠡᠭᠡ ᠵᠢ ᠬᠢᠨ᠎ᠡ᠃ ᠢᠩᠭᠢᠭᠡᠳ ᠴᠠᠭᠠᠰᠢᠳᠠ ᠶᠠᠮᠠᠷ ᠠᠷᠭ᠎ᠠ ᠬᠡᠮᠵᠢᠶ᠎ᠡ ᠠᠪᠬᠤ ᠪᠠᠨ ᠲᠤᠳᠤᠷᠬᠠᠢᠢᠯᠠᠨ᠎ᠠ ᠭᠡᠯ᠎ᠡ ᠃ ᠮᠤᠩᠭᠤᠯ ᠤᠯᠤᠰ ᠤᠨ ᠡᠷᠡᠭᠦᠯ ᠮᠡᠨᠳᠦ ᠶᠢᠨ ᠶᠠᠮᠤᠨ ᠤ ᠮᠡᠷᠭᠡᠵᠢᠯᠲᠡᠨ ᠦ ᠶᠠᠷᠢᠵᠤ ᠪᠠᠢᠭ᠎ᠠ ᠪᠠᠷ᠂ ᠣᠯᠠᠨ ᠤᠯᠤᠰ ᠲᠤ ᠬᠥᠮᠦᠨ ᠳᠦ ᠲᠤᠷᠰᠢᠵᠤ ᠪᠠᠢᠢᠭ᠎ᠠ ᠺᠣᠷᠤᠨᠠ ᠸᠢᠷᠦ᠋ᠰ ᠦᠨ ᠡ‍ᠰᠡᠷᠭᠦ 22 ᠸᠠᠺᠼᠢᠨ ᠡᠴᠠ ᠳᠥᠷᠪᠡ ᠨᠢ ᠡ‍ᠮᠨᠡᠯ ᠵᠦᠢ ᠵᠢᠨ ᠲᠤᠷᠰᠢᠯᠲᠠ ᠵᠢᠨ ᠰᠡᠭᠦᠯ ᠤᠨ ᠱᠠᠲᠤᠨ  ᠳᠤ ᠰᠢᠯᠵᠢᠵᠡᠢ᠃ ᠲᠤᠬᠠᠢᠯᠠᠪᠠᠯ ᠠᠩᠭᠯᠢ᠂ ᠰᠸᠸᠳ᠋ᠸᠨ ᠪ ᠬᠠᠮᠲᠤᠷᠠᠭᠰᠠᠨ Astra zeneka ᠦᠢᠯᠡᠳᠪᠦᠷᠢ ᠪᠤᠶᠤ ᠣᠺᠰᠹᠣᠷᠳ᠋ ᠤᠨ ᠶᠡᠬᠡ ᠰᠤᠷᠭᠠᠭᠤᠯᠢ᠂ ᠬᠢᠲᠠᠳ ᠲᠤ Sinopharm ᠪᠣᠯᠤᠨ Sinovac ᠺᠣᠮᠫᠠᠨᠢ ᠪᠣᠯᠤᠨ ᠠᠦᠰᠲ᠋ᠷᠠᠯᠢᠶ᠎ᠠ ᠵᠢᠨ Burdotch  ᠤᠨ ᠶᠡᠬᠡ ᠰᠤᠷᠭᠠᠭᠤᠯᠢ ᠵᠢᠨ ᠸᠠᠺᠼᠢᠨ ᠲᠤᠷᠰᠢᠯᠲᠠ ᠵᠢᠨ ᠰᠡᠭᠦᠯ  ᠤᠨ ᠱᠠᠲᠤᠨ ᠳᠤ ᠰᠢᠯᠵᠢᠭᠰᠡᠨ᠃ ᠮᠥᠨ ᠣᠷᠤᠰ ᠺᠣᠷᠤᠨᠠ ᠸᠢᠷᠦ᠋ᠰ ᠦᠨ ᠡ‍ᠰᠡᠷᠭᠦ ᠸᠠᠺᠼᠢᠨ ᠪ ᠡ‍ᠮᠨᠡᠯ ᠵᠦᠢ ᠵᠢᠨ ᠲᠤᠷᠰᠢᠯᠲᠠ ᠶᠢ ᠬᠥᠮᠦᠨ ᠳᠡᠭᠡᠷ᠎ᠡ ᠭᠦᠢᠴᠡᠳᠬᠡᠵᠦ ᠡ‍ᠬᠢᠯᠡᠭᠰᠡᠨ ᠪᠠᠢᠨ᠎ᠠ᠃ ᠮᠤᠩᠭᠤᠯ ᠤᠯᠤᠰ ᠤᠨ ᠬᠠᠯᠳᠠᠪᠤᠷᠢᠲᠤ ᠡ‍ᠪᠡᠳᠴᠢᠨ ᠰᠤᠳᠤᠯᠤᠯ  ᠤᠨ ᠦᠨᠳᠦᠰᠦᠨ ᠪ ᠲᠥᠪ ᠨᠢ  ᠪᠦᠬᠦ ᠲᠦᠷᠦᠯ ᠦᠨ ᠬᠠᠯᠳᠠᠪᠤᠷᠢᠲᠤ ᠡᠪᠡᠳᠴᠢᠨ ᠢ ᠢᠯᠡᠷᠡᠭᠦᠯᠬᠦ᠂ ᠰᠤᠳᠤᠯᠬᠤ᠂ ᠠᠨᠠᠭᠠᠬᠤ ᠠᠵᠢᠯ ᠢ ᠬᠠᠷᠢᠭᠤᠴᠠᠳᠠᠭ ᠡᠮᠨᠡᠯᠭᠡ ᠶᠤᠮ᠃ ᠲᠡᠭᠦᠨ ᠦ ᠵᠠᠬᠢᠷᠤᠯ ᠳ᠋᠊·ᠨᠢᠮᠠᠬᠦᠦ ᠶᠢ ᠳᠡᠯᠡᠬᠡᠢ ᠶᠢ ᠠᠶᠤᠯᠭᠠᠭᠰᠠᠨ ᠲᠠᠬᠤᠯ ᠲᠠᠢ ᠮᠠᠰᠢ ᠠᠮᠵᠢᠯᠲᠠ ᠲᠠᠢ ᠲᠡᠮᠡᠴᠡᠵᠦ ᠪᠠᠢᠨ᠎ᠠ ᠭᠡᠵᠤ ᠠᠷᠠᠳ ᠢᠷᠭᠡᠳ ᠨᠢ ᠦᠵᠡᠵᠡᠭᠡᠵᠦ ᠪᠠᠢᠭ᠎ᠠ ᠶᠤᠮ᠃ ᠲᠡᠭᠡᠭᠡᠳ ᠲᠡᠭᠦᠨ ᠢ ᠪᠠᠷᠢᠯᠭ᠎ᠠ ᠶᠢᠨ ᠬᠠᠨᠠᠨ ᠳᠤ ᠵᠢᠷᠤᠭᠠᠳ ᠲᠠᠯᠠᠷᠬᠠᠵᠤ ᠪᠤᠢ ᠰᠡᠳᠭᠢᠯ ᠢᠶᠡᠨ ᠢᠯᠡᠳᠬᠡᠭᠰᠡᠨ ᠪᠠᠢᠨ᠎ᠠ᠃

ᠰᠡᠳᠬᠢᠭᠳᠡᠯ ᠦᠯᠡᠳᠡᠭᠡᠬᠦ