ᠬᠥᠪᠰᠦᠬᠥᠯ ᠠᠢᠢᠮᠠᠭ ᠡᠴᠠ 13 ᠰᠤᠷᠤᠭᠴᠢ 800 ᠣᠨᠤᠭ᠎ᠠ ᠠᠪᠴᠠᠢ | News.MN

ᠬᠥᠪᠰᠦᠬᠥᠯ ᠠᠢᠢᠮᠠᠭ ᠡᠴᠠ 13 ᠰᠤᠷᠤᠭᠴᠢ 800 ᠣᠨᠤᠭ᠎ᠠ ᠠᠪᠴᠠᠢ

 

ᠬᠥᠪᠰᠦᠬᠥᠯ ᠠᠢᠢᠮᠠᠭ ᠤᠨ ᠬᠡᠮᠵᠢᠶᠡᠨ ᠳ᠋ᠦ ᠶᠡᠷᠦᠩᠬᠡᠢ ᠪᠣᠯᠪᠠᠰᠤᠷᠠᠯ ᠤᠨ 32 ᠰᠤᠷᠭᠠᠭᠤᠯᠢ ᠵᠢᠨ 1452 ᠰᠤᠷᠤᠯᠴᠠᠭᠴᠢ 12 ᠳ᠋ᠤᠭᠠᠷ ᠠᠩᠭᠢ ᠲᠡᠭᠦᠰᠴᠦ ᠂ ᠪᠦᠷᠢᠨ ᠳᠤᠮᠳᠠ ᠪᠣᠯᠪᠠᠰᠤᠷᠠᠯ ᠡ‍ᠵᠡᠮᠰᠢᠭᠰᠡᠨ ᠪᠥᠭᠡᠳ ᠡ‍ᠭᠦᠨ ᠡ‍ᠴᠡ 1358 ᠰᠤᠷᠤᠯᠴᠠᠭᠴᠢ ᠡ‍ᠯᠰᠡᠯᠲᠡ ᠵᠢᠨ ᠶᠡᠷᠦᠩᠬᠡᠢ ᠰᠢᠯᠭᠠᠯᠲᠠ ᠥᠭᠭᠦᠭᠰᠡᠨ ᠪᠠᠢᠢᠨ᠎ᠠ ᠃ ᠲᠤᠰ ᠠᠢᠢᠮᠠᠭ ᠡᠴᠠ 10 ᠬᠢᠴᠢᠶᠡᠯ  ᠤᠨ ᠰᠢᠯᠭᠠᠯᠲᠠ ᠪᠠᠷ 13 ᠰᠢᠯᠭᠠᠭᠤᠯᠤᠭᠴᠢ 800 ᠣᠨᠤᠭ᠎ᠠ ᠠᠪᠴᠤ ᠪᠤᠰᠤᠳ ᠠᠢᠢᠮᠠᠭ ᠵᠢᠨᠨ ᠲᠡᠷᠢᠭᠦᠯᠡᠭᠰᠡᠨ ᠪᠠᠢᠢᠨ᠎ᠠ ᠃  ᠲᠤᠭᠠᠨ ᠤ ᠤᠬᠠᠭᠠᠨ ᠤ ᠬᠢᠴᠢᠶᠡᠯ ᠵᠢᠨᠷ 3 ᠂ ᠬᠢᠮᠢ 2 ᠂ ᠪᠢᠤᠯᠤᠭᠢ 2 ᠂ ᠹᠢᠽᠢᠺ 1 ᠂ ᠣᠷᠤᠰ ᠬᠡᠯᠡ 1 ᠂ ᠮᠤᠩᠭᠤᠯ ᠬᠡᠯᠡ 4 ᠰᠢᠯᠭᠠᠭᠤᠯᠤᠭᠴᠢ ᠲᠤᠰ ᠪᠦᠷᠢ 800 ᠣᠨᠤᠭ᠎ᠠ ᠠᠪᠴᠠᠢ ᠃ ᠳᠡᠭᠡᠷᠡᠬᠢ ᠬᠡᠦᠬᠡᠳ ᠤᠳ ᠤᠨ ᠳᠤᠲᠤᠷ᠎ᠠ  ᠳᠡᠯᠭᠡᠷᠮᠦ᠋ᠷᠡᠨ ᠴᠤᠭᠴᠠᠯᠠᠪᠤᠷᠢ ᠰᠤᠷᠭᠠᠭᠤᠯᠢ ᠵᠢᠨ 3 ᠂ ᠡ‍ᠷᠳᠡᠮ ᠤᠨ ᠳᠠᠯᠠᠢ ᠴᠤᠭᠴᠠᠯᠠᠪᠤᠷᠢ ᠰᠤᠷᠭᠠᠭᠤᠯᠢ ᠵᠢᠨ 7 ᠂ ᠲᠤᠰᠤᠨᠴᠡᠩᠭᠡᠯ ᠂ ᠵᠢᠷᠭᠠᠯᠠᠩᠲᠤ ᠂  ᠷᠢᠨᠴᠢᠨᠯᠾᠬᠠᠮᠪᠤ ᠰᠤᠮᠤ ᠵᠢᠨ ᠶᠡᠷᠦᠩᠬᠡᠢ ᠪᠣᠯᠪᠠᠰᠤᠷᠠᠯ  ᠤᠨ ᠰᠤᠷᠭᠠᠭᠤᠯᠢ ᠲᠤᠰ ᠪᠦᠷᠢ ᠡ‍ᠴᠡ ᠨᠢᠭᠡ ᠨᠢᠭᠡ ᠲᠡᠭᠦᠰᠦᠭᠴᠢ ᠪᠠᠢᠢᠭ᠎ᠠ ᠶᠤᠮ᠃

ᠰᠡᠳᠬᠢᠭᠳᠡᠯ ᠦᠯᠡᠳᠡᠭᠡᠬᠦ