ᠪᠤᠭᠤᠲᠤ ᠰᠤᠮᠤᠨ ᠳᠤ ᠳᠠᠬᠢᠨ ᠭᠠᠵᠠᠷ ᠬᠥᠳᠡᠯᠦᠯ᠎ᠡ | News.MN

ᠪᠤᠭᠤᠲᠤ ᠰᠤᠮᠤᠨ ᠳᠤ ᠳᠠᠬᠢᠨ ᠭᠠᠵᠠᠷ ᠬᠥᠳᠡᠯᠦᠯ᠎ᠡ

ᠭᠤᠪᠢ ᠠᠯᠲᠠᠢ ᠠᠢᠢᠮᠠᠭ  ᠤᠨ ᠪᠤᠭᠤᠲᠤ ᠰᠤᠮᠤᠨ ᠳᠤ ᠳᠤᠯᠤᠳᠤᠭᠠᠷ ᠰᠠᠷ᠎ᠠ ᠵᠢᠨ 7 ᠪ 05:23:01 ᠴᠠᠭ  ᠲᠤ 4.6 ᠳᠡᠰ ᠦᠨ ᠬᠦᠴᠦᠲᠡᠢ ᠭᠠᠵᠠᠷ ᠬᠥᠳᠡᠯᠦᠯᠲᠡ ᠪᠣᠯᠤᠯ᠎ᠠ᠃ ᠲᠤᠳᠤᠷᠠᠭᠤᠯᠪᠠᠯ᠂ ᠠᠢᠢᠮᠠᠭ  ᠤᠨ ᠪᠤᠭᠤᠲᠤ ᠰᠤᠮᠤ ᠡᠴᠠ ᠪᠠᠷᠠᠭᠤᠨ ᠤᠷᠢᠳᠤ ᠵᠦᠭ ᠲᠦ 143 ᠺᠢᠯᠤᠮᠧᠲ᠋ᠷ  ᠤᠨ ᠵᠠᠢ ᠳᠤ ᠭᠠᠵᠠᠷ ᠬᠥᠳᠡᠯᠦᠯᠲᠡ ᠪᠣᠯᠤᠭᠰᠠᠨ ᠲᠤᠬᠠᠢ ᠣᠳᠤᠨ ᠣᠷᠤᠨ ᠭᠧᠤᠹᠢᠽᠢᠺ ᠤᠨ ᠬᠦᠷᠢᠶᠡᠯᠡᠩ ᠤᠨ ᠠᠯᠲᠠᠢ ᠰᠠᠯᠪᠤᠷᠢ ᠡᠴᠠ ᠮᠡᠳᠡᠭᠡᠯᠡᠯ᠎ᠡ ᠃ ᠡ‍ᠮᠦᠨ᠎ᠡ ᠨᠢ ᠵᠢᠷᠭᠤᠳᠤᠭᠠᠷ ᠰᠠᠷ᠎ᠠ ᠵᠢᠨ 30 ᠪ ᠡ‍ᠳᠦᠷ 08:20:21 ᠴᠠᠭ ᠲᠤ ᠲᠤᠰ ᠰᠤᠮᠤ ᠡᠴᠠ ᠪᠠᠷᠠᠭᠤᠨ ᠤᠷᠢᠳᠤ ᠵᠦᠭ ᠲᠦ 126 ᠺᠢᠯᠤᠮᠧᠲ᠋ᠷ  ᠤᠨ ᠵᠠᠢ ᠳᠤ 3.6 ᠳᠡᠰ ᠦᠨ ᠬᠦᠴᠦᠲᠡᠢ ᠭᠠᠵᠠᠷ ᠬᠥᠳᠡᠯᠦᠯᠲᠡ ᠪᠣᠯᠤᠭᠰᠠᠨ ᠶᠤᠮ ᠃

2020 ᠣᠨ ᠭᠠᠷᠤᠭᠰᠠᠭᠠᠷ ᠭᠤᠪᠢ ᠠᠯᠲᠠᠢ ᠠᠢᠢᠮᠠᠭ  ᠤᠨ ᠡ‍ᠷᠳᠡᠨᠢ ᠂ ᠵᠢᠷᠭᠠᠯᠠᠩ ᠂ ᠪᠢᠭᠡᠷ ᠂ ᠲᠤᠩᠬᠢᠯ ᠂ ᠪᠤᠭᠤᠲᠤ ᠰᠤᠮᠤᠨ ᠳᠤ 3.6 – 5.8  ᠳᠡᠰ ᠦᠨ ᠬᠦᠴᠦᠲᠡᠢ ᠭᠠᠵᠠᠷ ᠬᠥᠳᠡᠯᠦᠯᠲᠡ ᠤᠳᠠᠭ᠎ᠠ ᠳᠠᠷᠠᠭ᠎ᠠ ᠪᠦᠷᠢᠳᠬᠡᠭᠳᠡᠭᠡᠳ ᠪᠠᠢᠢᠨ᠎ᠠ ᠃

ᠰᠡᠳᠬᠢᠭᠳᠡᠯ ᠦᠯᠡᠳᠡᠭᠡᠬᠦ