ᠮᠤᠩᠭᠤᠯ ᠤᠯᠤᠰ ᠰᠠᠭᠠᠷᠠᠯ ᠵᠢᠭᠰᠠᠭᠠᠯᠲᠠ ᠡᠴᠠ ᠭᠠᠷᠬᠤ ᠪᠣᠯᠤᠭᠰᠠᠨ | News.MN

ᠮᠤᠩᠭᠤᠯ ᠤᠯᠤᠰ ᠰᠠᠭᠠᠷᠠᠯ ᠵᠢᠭᠰᠠᠭᠠᠯᠲᠠ ᠡᠴᠠ ᠭᠠᠷᠬᠤ ᠪᠣᠯᠤᠭᠰᠠᠨ

ᠣᠯᠠᠨ ᠤᠯᠤᠰ ᠤᠨ ᠰᠠᠩᠬᠦᠦ ᠵᠢᠨ ᠭᠡᠮᠲᠦ ᠬᠡᠷᠡᠭ ᠲᠠᠢ ᠲᠡᠮᠡᠴᠡᠬᠦ ᠪᠠᠢᠢᠭᠤᠯᠭ᠎ᠠ ᠪᠤᠶᠤ FATF ᠮᠤᠩᠭᠤᠯ ᠤᠯᠤᠰ ᠊ᠢ ᠰᠠᠭᠠᠷᠠᠯ ᠵᠢᠭᠰᠠᠭᠠᠯᠲᠠ ᠡᠴᠠ ᠭᠠᠷᠬᠤ ᠵᠥᠪᠯᠡᠮᠵᠢ ᠵᠢᠨ ᠳᠠᠭᠠᠤ ᠳᠠᠭᠠᠭᠠᠯᠭᠠᠪᠤᠷᠢ ᠪᠠᠨ ᠰᠠᠢᠢᠨ ᠪᠡᠶᠡᠯᠡᠭᠦᠯᠦᠭᠰᠡᠨ ᠲᠠᠯ᠎ᠠ ᠪᠡᠷ ᠥᠴᠦᠭᠡᠳᠦᠷ ᠪᠢᠳᠠ ᠮᠡᠳᠡᠭᠡᠯᠡᠭᠰᠡᠨ᠃ ᠲᠡᠭᠡᠪᠡᠯ ᠡ‍ᠴᠦᠰ ᠤᠨ ᠰᠢᠢᠳᠪᠦᠷᠢ ᠶᠢᠰᠦᠳᠦᠭᠡᠷ ᠰᠠᠷ᠎ᠠ ᠳᠤ ᠭᠠᠷᠬᠤ ᠲᠠᠯ᠎ᠠ ᠪᠡᠷ ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ ᠴᠢᠭᠤᠯᠭᠠᠨ ᠪ ᠬᠤᠷᠠᠯᠳᠤᠭᠠᠨ ᠪ ᠦᠶ᠎ᠡ ᠪᠡᠷ ᠮᠡᠳᠡᠭᠳᠡᠯ᠎ᠡ ᠃

ᠲᠡᠷᠡ ᠪᠡᠷ᠄ ᠲᠥᠷᠦ ᠵᠢᠨ ᠪᠣᠯᠤᠨ ᠮᠡᠷᠭᠡᠵᠢᠯ ᠦᠨ ᠪᠠᠢᠢᠭᠤᠯᠭ᠎ᠠ ᠨᠤᠭᠤᠳ ᠤᠨ ᠲᠠᠰᠤᠷᠠᠯᠲᠠ ᠦᠭᠡᠢ ᠬᠠᠮᠲᠤ ᠵᠢᠨ ᠠᠵᠢᠯᠯᠠᠭᠠᠨ ᠪ ᠦᠷ᠎ᠡ ᠳ᠋ᠦᠩ ᠳ᠋ᠦ 2019 ᠣᠨ ᠪ ᠠᠷᠪᠠᠳᠤᠭᠠᠷ ᠰᠠᠷ᠎ᠠ ᠳᠤ FATF᠎ ᠡᠴᠠ ᠥᠭᠭᠦᠭᠰᠡᠨ ᠵᠢᠷᠭᠤᠭᠠᠨ ᠡ‍ᠭᠦᠷᠭᠡ ᠳᠠᠭᠠᠭᠠᠯᠭᠠᠪᠤᠷᠢ ᠵᠢ ᠠᠮᠵᠢᠯᠲᠠᠲᠠᠢ ᠪᠡᠶᠡᠯᠡᠭᠦᠯᠦᠭᠰᠡᠨ ᠦᠷ᠎ᠡ ᠳ᠋ᠦᠩ ᠊ᠢ FATF  ᠤᠨ ᠴᠠᠬᠢᠮ ᠬᠠᠭᠤᠳᠠᠰᠤᠨ ᠳ᠋ᠤ 2020 ᠣᠨ ᠪ ᠵᠢᠷᠭᠤᠳᠤᠭᠠᠷ ᠰᠠᠷ᠎ᠠ ᠵᠢᠨ 30 ᠪ ᠡ‍ᠳᠦᠷ ᠠᠯᠪᠠᠨ ᠶᠤᠰᠣ ᠪᠡᠷ ᠨᠡᠢᠢᠲᠡᠯᠡᠭᠰᠡᠨ ᠪᠠᠢᠢᠨ᠎ᠠ ᠃ ᠦᠨᠳᠦᠰᠦᠨ ᠳ᠋ᠦ ᠪᠡᠨ ᠰᠠᠭᠠᠷᠠᠯ ᠵᠢᠭᠰᠠᠭᠠᠯᠲᠠ ᠡᠴᠠ ᠮᠤᠩᠭᠤᠯ ᠤᠯᠤᠰ ᠭᠠᠷᠬᠤ ᠪᠣᠯᠵᠤᠯ ᠊ᠢ ᠬᠠᠩᠭᠠᠭᠰᠠᠨ ᠭᠡᠳᠡᠭ ᠊ᠢ ᠣᠯᠠᠨ ᠤᠯᠤᠰ  ᠤᠨ ᠰᠠᠩᠬᠦᠦ ᠵᠢᠨ ᠭᠡᠮᠲᠦ ᠬᠡᠷᠡᠭ ᠲᠠᠢ ᠲᠡᠮᠡᠴᠡᠬᠦ ᠪᠠᠢᠢᠭᠤᠯᠭ᠎ᠠ ᠡᠴᠠ ᠵᠠᠷᠯᠠᠭᠰᠠᠨ ᠃ ᠶᠢᠰᠦᠳᠦᠭᠡᠷ ᠰᠠᠷ᠎ᠠ ᠳᠤ ᠭᠠᠵᠠᠷ ᠳᠡᠭᠡᠷᠡᠬᠢ ᠰᠢᠯᠭᠠᠯᠲᠠ ᠵᠢ ᠬᠢᠭᠡᠳ ᠮᠤᠩᠭᠤᠯ ᠤᠯᠤᠰ ᠰᠠᠭᠠᠷᠠᠯ ᠵᠢᠭᠰᠠᠭᠠᠯᠲᠠ ᠡᠴᠠ ᠭᠠᠷᠬᠤ ᠪᠣᠯᠤᠭᠰᠠᠨ ᠰᠠᠢᠢᠨ ᠮᠡᠳᠡᠭᠡ ᠵᠢ ᠳᠤᠭᠤᠯᠭᠠᠶ᠎ᠠ ᠭᠡᠪᠡ ᠃

 

ᠰᠡᠳᠬᠢᠭᠳᠡᠯ ᠦᠯᠡᠳᠡᠭᠡᠬᠦ