ᠠᠮᠧᠷᠢᠺᠠ ᠡᠴᠠ ᠦᠯᠭᠡ ᠭᠦᠷᠪᠡᠯ ᠦᠨ ᠣᠯᠳᠠᠪᠤᠷᠢ ᠶᠢ ᠠᠪᠴᠢᠷᠠᠯ᠎ᠠ | News.MN

ᠠᠮᠧᠷᠢᠺᠠ ᠡᠴᠠ ᠦᠯᠭᠡ ᠭᠦᠷᠪᠡᠯ ᠦᠨ ᠣᠯᠳᠠᠪᠤᠷᠢ ᠶᠢ ᠠᠪᠴᠢᠷᠠᠯ᠎ᠠ

ᠠᠮᠧᠷᠢᠺᠠ ᠳᠦ ᠬᠤᠷᠢᠶᠠᠭᠳᠠᠭᠠᠳ ᠪᠠᠢᠢᠭᠰᠠᠨ ᠮᠤᠩᠭᠤᠯ ᠤᠯᠤᠰ  ᠤᠨ ᠥᠪ ᠪᠣᠯᠬᠤ  ᠦᠯᠭᠡ ᠭᠦᠷᠪᠡᠯ  ᠤᠨ ᠣᠯᠳᠠᠪᠤᠷᠢ ᠨᠤᠭᠤᠳ᠂ ᠭᠠᠪᠠᠯᠠ ᠵᠢᠨ ᠶᠠᠰᠤ ᠵᠢ ᠪᠤᠴᠠᠭᠠᠨ ᠠᠪᠬᠤ︽ᠥᠮᠴᠢ ᠬᠥᠷᠦᠩᠭᠡ ᠵᠢ ᠬᠠᠷᠢᠯᠴᠠᠨ ᠮᠠᠷᠭᠤᠭᠠᠨ ᠦᠭᠡᠢ ᠨᠥᠬᠥᠴᠡᠯ ᠵᠢᠨᠷ ᠬᠦᠯᠢᠶᠡᠯᠭᠡᠨ ᠥᠭᠬᠦ ᠲᠤᠬᠠᠢ︾ ᠭᠡᠷ᠎ᠡ ᠳ᠋ᠦ ᠮᠤᠩᠭᠤᠯ ᠤᠯᠤᠰ ᠡᠴᠠ ᠠᠮᠧᠷᠢᠺᠠ ᠳᠦ ᠰᠠᠭᠤᠭ᠎ᠠ ᠣᠨᠴᠠ ᠪᠥᠭᠡᠳ ᠪᠦᠷᠢᠨ ᠡ‍ᠷᠬᠡᠲᠦ ᠡ‍ᠯᠴᠢᠨ ᠰᠠᠢᠢᠳ ᠶᠤ᠊·ᠣᠳᠬᠤᠨᠪᠠᠶᠠᠷ᠂ ᠠᠮᠧᠷᠢᠺᠠ ᠵᠢᠨ ᠳᠤᠲᠤᠭᠠᠳᠤ ᠵᠢᠨ ᠠᠶᠤᠯᠭᠦᠢ ᠪᠠᠢᠢᠳᠠᠯ  ᠤᠨ ᠶᠠᠮᠤᠨ ᠤ ᠷᠤᠪᠸᠷᠲ ᠪᠠᠷᠲ᠋ᠤᠯᠤ᠋ 2019 ᠣᠨ ᠪ 09 ᠳ᠋ᠤᠭᠡᠷ ᠰᠠᠷ᠎ᠠ ᠵᠢᠨ 26 ᠪ ᠡ‍ᠳᠦᠷ ᠭᠠᠷ ᠤᠨ ᠦᠰᠦᠭ ᠵᠢᠷᠤᠵᠤ ᠭᠡᠷ᠎ᠡ ᠵᠢ ᠪᠠᠲᠤᠯᠠᠭᠠᠵᠢᠭᠤᠯᠤᠭᠰᠠᠨ ᠶᠤᠮ᠃ ᠭᠡᠷ᠎ᠡ ᠶᠤᠰᠤᠭᠠᠷ ᠥᠯᠭᠡ ᠭᠦᠷᠪᠡᠯ ᠤᠨ ᠣᠯᠳᠠᠪᠤᠷᠢ ᠨᠤᠭᠤᠳ ᠤᠨ ᠥᠮᠴᠢᠯᠡᠯ ᠤᠨ ᠡ‍ᠷᠬᠡ ᠨᠢ ᠮᠤᠩᠭᠤᠯ ᠤᠯᠤᠰ ᠤᠨ ᠵᠠᠰᠠᠭ ᠤᠨ ᠭᠠᠵᠠᠷ ᠲᠤ ᠰᠢᠯᠵᠢᠭᠰᠡᠨ ᠂ ᠠᠮᠧᠷᠢᠺᠠ  ᠳᠤ ᠰᠠᠭᠤᠭ᠎ᠠ ᠡ‍ᠯᠴᠢᠨ ᠰᠠᠢᠢᠳ  ᠤᠨ ᠶᠠᠮᠤᠨ ᠣᠯᠳᠠᠪᠤᠷᠢ ᠨᠤᠭᠤᠳ ᠊ᠢ ᠮᠤᠩᠭᠤᠯ ᠤᠯᠤᠰ ᠲᠤ ᠠᠶᠤᠯ ᠦᠭᠡᠢ ᠲᠡᠭᠡᠭᠡᠪᠦᠷᠢᠯᠡᠵᠦ ᠬᠦᠷᠭᠡᠭᠦᠯᠬᠦ ᠠᠵᠢᠯ ᠊ᠢ ᠬᠠᠷᠢᠭᠤᠴᠠᠨ 2020 ᠣᠨ ᠪ 06 ᠳ᠋ᠤᠭᠠᠷ ᠰᠠᠷ᠎ᠠ ᠵᠢᠨ 24 ᠪ ᠡ‍ᠳᠦᠷ ᠤᠨ ᠨᠢᠰᠦᠯᠭᠡ ᠪᠡᠷ ᠵᠤᠬᠢᠶᠠᠨ ᠪᠠᠢᠢᠭᠤᠯᠤᠭᠰᠠᠨ ᠃

ᠤᠭ ᠣᠯᠳᠠᠪᠤᠷᠢ ᠨᠤᠭᠤᠳ ᠊ᠢ 06 ᠳ᠋ᠤᠭᠠᠷ ᠰᠠᠷ᠎ᠠ ᠵᠢᠨ 30 ᠪ ᠡ‍ᠳᠦᠷ  ᠤᠨ 14.00 ᠴᠠᠭ ᠲᠤ ᠬᠦᠯᠢᠶᠡᠨ ᠠᠪᠴᠤ᠂ ᠪᠠᠢᠢᠭᠠᠯᠢ ᠵᠢᠨ ᠲᠡᠦᠬᠡ ᠵᠢᠨ ᠮᠦᠽᠧᠢ ᠵᠢᠨ ᠰᠠᠩ ᠬᠥᠮᠦᠷᠭᠡ ᠳ᠋ᠦ ᠰᠢᠯᠵᠢᠭᠦᠯᠬᠦ ᠠᠵᠢᠯ ᠵᠤᠬᠢᠬᠤ ᠬᠠᠤᠯᠢ ᠳᠦᠷᠢᠮ ᠂ ᠵᠢᠷᠤᠮ  ᠦᠨ ᠳᠠᠭᠠᠤ ᠬᠢᠭᠳᠡᠯ᠎ᠡ ᠃

ᠰᠡᠳᠬᠢᠭᠳᠡᠯ ᠦᠯᠡᠳᠡᠭᠡᠬᠦ