ᠡ‍᠊ · ᠣᠶᠤᠨᠪᠣᠯᠤᠳ ᠳᠠᠪᠠᠵᠤ  ᠵᠠᠭᠠᠯᠳᠤᠨ᠎ᠠ | News.MN

ᠡ‍᠊ · ᠣᠶᠤᠨᠪᠣᠯᠤᠳ ᠳᠠᠪᠠᠵᠤ  ᠵᠠᠭᠠᠯᠳᠤᠨ᠎ᠠ

ᠡ‍᠊·ᠣᠶᠤᠨᠪᠣᠯᠤᠳ  ᠤᠨ  ᠨᠡᠬᠡᠮᠵᠢᠯᠡᠯ ᠪᠦᠬᠦᠢ ᠂ ᠪᠠᠶᠠᠷ ᠨᠠᠭᠠᠳᠤᠮ  ᠤᠨ ᠵᠤᠬᠢᠶᠠᠨ ᠪᠠᠢᠢᠭᠤᠯᠬᠤ ᠬᠤᠷᠢᠶᠠᠨ ᠳᠤ ᠬᠤᠯᠪᠣᠭᠳᠠᠬᠤ ᠵᠠᠬᠢᠷᠭᠠᠨ ᠪ ᠬᠡᠷᠡᠭ  ᠤᠨ ᠰᠢᠭᠦᠬᠦ ᠬᠤᠷᠠᠯ ᠥᠩᠭᠡᠷᠡᠭᠰᠡᠨ ᠰᠠᠷ᠎ᠠ ᠵᠢᠨ 17᠎ ᠳ᠋ᠦ ᠪᠤᠯᠵᠤ᠂ ᠤᠯᠤᠰ  ᠦᠨ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠺᠣᠮᠢᠰ ᠡ‍᠊·ᠣᠶᠤᠨᠪᠣᠯᠤᠳ ᠊ᠢ ᠳ᠋ᠤᠫᠢᠩ ᠬᠡᠷᠡᠭᠯᠡᠭᠰᠡᠨ ᠨᠢ ᠲᠤᠭᠲᠠᠭᠠᠭᠳᠠᠭᠰᠠᠨ ᠭᠡᠵᠦ ᠦᠵᠡᠨ ᠂ ᠪᠠᠷᠢᠯᠳᠤᠬᠤ ᠡ‍ᠷᠬᠡ ᠵᠢ ᠨᠢ ᠬᠤᠶᠠᠷ ᠵᠢᠯ ᠵᠢᠨᠷ ᠬᠠᠰᠤᠬᠤ ᠂ ᠲᠡᠭᠦᠨ ᠳ᠋ᠦ ᠬᠠᠶᠠᠭᠳᠠᠭᠰᠠᠨ ᠪᠥᠬᠡᠴᠦᠳ ᠲᠦ ᠴᠤᠯᠠ ᠂ ᠴᠢᠮᠡᠭ ᠊ᠢ ᠨᠢ ᠨᠥᠬᠥᠨ ᠣᠯᠭᠤᠵᠤ ᠂ ᠮᠤᠩᠭᠤᠯ ᠤᠯᠤᠰ ᠤᠨ ᠠᠪᠤᠷᠭᠤ ᠬᠡᠮᠡᠬᠦ ᠴᠤᠯᠠ ᠵᠢ ᠬᠤᠷᠢᠶᠠᠬᠤ ᠰᠢᠢᠳᠪᠦᠷᠢ ᠭᠠᠷᠭᠠᠭᠰᠠᠨ ᠨᠢ ᠬᠠᠤᠯᠢ ᠳᠤ ᠨᠡᠢᠢᠴᠡᠭᠰᠡᠨ ᠪᠠᠢᠢᠨ᠎ᠠ ᠭᠡᠵᠦ ᠦᠵᠡᠭᠡᠳ᠂ ᠡ‍᠊·ᠣᠶᠤᠨᠪᠣᠯᠤᠳ  ᠦᠨ ᠤᠯᠤᠰ  ᠤᠨ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠺᠣᠮᠢᠰ  ᠤᠨ ᠡ‍ᠰᠡᠷᠭᠦ ᠭᠠᠷᠭᠠᠭᠰᠠᠨ ᠭᠤᠮᠤᠳᠠᠯ ᠊ᠢ ᠬᠡᠷᠡᠭᠰᠡᠬᠦ ᠦᠭᠡᠢ ᠪᠣᠯᠭᠠᠭᠰᠠᠨ ᠶᠤᠮ ᠃ ᠰᠢᠭᠦᠬᠦ ᠵᠢᠨ ᠰᠢᠢᠳᠪᠦᠷᠢ ᠵᠢ ᠬᠦᠯᠢᠶᠡᠨ ᠵᠥᠪᠰᠢᠶᠡᠷᠡᠬᠦ ᠦᠭᠡᠢ ᠪᠣᠯ 14 ᠬᠤᠨᠤᠭ  ᠤᠨ ᠳᠤᠲᠤᠷ᠎ᠠ ᠵᠠᠬᠢᠷᠭᠠᠨ ᠪ ᠬᠡᠷᠡᠭ ᠤᠨ ᠳᠠᠪᠠᠵᠤ ᠵᠠᠭᠠᠯᠳᠤᠬᠤ ᠱᠠᠲᠤᠨ ᠪ ᠰᠢᠭᠦᠬᠦ ᠳ᠋ᠦ ᠬᠠᠨᠳᠤᠬᠤ ᠡ‍ᠷᠬᠡ ᠲᠠᠢ ᠃ ᠡ‍᠊ · ᠣᠶᠤᠨᠪᠣᠯᠤᠳ ᠡ‍ᠨᠡ ᠬᠦ ᠡ‍ᠷᠬᠡ ᠪᠡᠨ ᠡᠳ᠋ᠯᠡᠵᠦ᠂ ᠥᠴᠦᠭᠡᠳᠦᠷ ᠵᠠᠬᠢᠷᠭᠠᠨ ᠪ ᠬᠡᠷᠡᠭ ᠦᠨ ᠳᠠᠪᠠᠵᠤ ᠵᠠᠭᠠᠯᠳᠤᠬᠤ ᠱᠠᠲᠤᠨ ᠪ ᠰᠢᠭᠦᠬᠦ ᠳ᠋ᠦ ᠭᠤᠮᠤᠳᠠᠯ ᠵᠢᠨᠨ ᠬᠦᠷᠭᠡᠭᠦᠯᠵᠡᠢ ᠃

ᠰᠡᠳᠬᠢᠭᠳᠡᠯ ᠦᠯᠡᠳᠡᠭᠡᠬᠦ