ᠰ᠊ · ᠵᠢᠪᠬᠤᠯᠠᠩ  ᠦᠨ ᠡ‍ᠬᠡᠨᠡᠷ ᠄  ᠮᠢᠨᠤ ᠬᠠᠨᠢ ᠵᠢᠨ ᠵᠥᠪ ᠪᠠᠢᠢᠭᠰᠠᠨ | News.MN

ᠰ᠊ · ᠵᠢᠪᠬᠤᠯᠠᠩ  ᠦᠨ ᠡ‍ᠬᠡᠨᠡᠷ ᠄  ᠮᠢᠨᠤ ᠬᠠᠨᠢ ᠵᠢᠨ ᠵᠥᠪ ᠪᠠᠢᠢᠭᠰᠠᠨ

ᠮᠤᠩᠭᠤᠯ ᠤᠯᠤᠰ  ᠤᠨ ᠭᠠᠪᠢᠶᠠᠲᠤ ᠵᠦᠴᠦᠭᠡᠴᠢᠨ ᠂ ᠤᠯᠤᠰ  ᠤᠨ ᠶᠡᠬᠡ ᠬᠤᠷᠠᠯ  ᠤᠨ ᠭᠡᠰᠢᠭᠦᠨ ᠠᠭᠰᠠᠨ ᠰ᠊ · ᠵᠢᠪᠬᠤᠯᠠᠩ  ᠤᠨ ᠡ‍ᠬᠡᠨᠡᠷ ᠭ᠊ · ᠡᠷᠳᠡᠨᠢᠴᠢᠮᠡᠭ ᠲᠠᠢ ᠴᠠᠬᠢᠮ ᠵᠢᠨᠷ ᠬᠤᠯᠪᠣᠭᠳᠠᠵᠤ ᠲᠤᠳᠤᠷᠠᠭᠤᠯᠭ᠎ᠠ ᠠᠪᠤᠪᠠ ᠃

– ᠲᠠᠨ ᠪ ᠤᠷᠠᠨ ᠪᠦᠲᠦᠭᠡᠯ ᠥᠨᠳᠦᠷ ᠪᠠᠢᠢᠨ᠎ᠠ ᠦᠦ ᠃ ᠲᠤᠩ ᠤᠳᠠᠬᠤ ᠦᠭᠡᠢ︽ᠬᠦᠷᠢᠶ᠎ᠡ ᠬᠡᠦᠬᠡᠨ ᠨᠦᠭᠥᠳ︾ᠨᠡᠷ᠎ᠡ ᠲᠠᠢ ᠳᠠᠭᠤᠨ ᠪ ᠪᠠᠨ ᠺᠯᠢᠫ ᠊ᠢ ᠰᠤᠨᠤᠰᠤᠭᠴᠢᠳ ᠲᠦ ᠪᠡᠨ ᠬᠦᠷᠭᠡᠵᠦ ᠪᠠᠢᠢᠨ᠎ᠠ ᠭᠡᠵᠦ ᠳᠤᠭᠤᠯᠤᠭᠰᠠᠨ ᠁

– ᠲᠡᠢᠢᠮᠦ ᠡ᠂ ᠤᠷᠠᠨ ᠪᠦᠲᠦᠭᠡᠯ ᠥᠨᠳᠦᠷ ᠪᠠᠢᠢᠭ᠎ᠠ ᠃ ᠳᠤᠯᠤᠳᠤᠭᠠᠷ ᠰᠠᠷ᠎ᠠ ᠵᠢᠨ 7᠎ ᠳ᠋ᠦ ᠺᠯᠢᠫ ᠵᠢᠨᠨ ᠦᠵᠡᠭᠴᠢ ᠂ ᠰᠤᠨᠤᠰᠤᠭᠴᠢᠳ ᠲᠦ ᠪᠡᠨ ᠬᠦᠷᠭᠡᠨ᠎ᠡ ᠃ ᠡ‍ᠨᠡ ᠤᠳᠠᠭ᠎ᠠ ᠠᠷᠠᠳ  ᠤᠨ ᠤᠷᠠᠨ ᠵᠤᠬᠢᠶᠠᠯᠴᠢ ᠱ᠊ · ᠳᠤᠯᠮ᠎ᠠ ᠭᠤᠸᠠᠢ ᠵᠢᠨ ᠰᠢᠯᠦᠭ ᠂ ᠬᠥᠭᠵᠢᠮ ᠤᠨ ᠵᠤᠬᠢᠶᠠᠯᠴᠢ ᠪ᠊·ᠳᠤᠯᠭᠢᠶᠠᠨ ᠠᠬ᠎ᠠ ᠵᠢᠨ ᠠᠶᠠᠯᠭᠤ ︽ᠬᠦᠷᠢᠶ᠎ᠡ ᠬᠡᠦᠬᠡᠨ ᠨᠦᠭᠥᠳ︾ᠳᠠᠭᠤᠤ ᠵᠢ ᠳᠠᠭᠤᠯᠠᠭᠰᠠᠨ ᠃

– ᠣᠯᠠᠨ ᠬᠥᠮᠦᠨ ᠲᠠᠨ ᠪ ᠭᠡᠷ ᠪᠦᠯᠢ ᠵᠢᠨ ᠬᠥᠮᠦᠨ ᠪ ᠦᠢᠯᠡᠳᠦᠯ ᠊ᠢ ᠵᠥᠪ ᠂ ᠪᠤᠷᠤᠭᠤ ᠭᠡᠵᠦ ᠶᠠᠷᠢᠵᠤ ᠪᠠᠢᠢᠨ᠎ᠠ ᠃ ᠬᠠᠷᠢᠨ ᠲᠠ ᠶᠠᠮᠠᠷ ᠬᠠᠷᠢᠭᠤᠯᠲᠠ ᠥᠭᠬᠦ ᠪᠤᠢ ︖

– ᠠᠯᠤᠰ  ᠤᠨ ᠬᠠᠷᠠᠭ᠎ᠠ ᠦᠭᠡᠢ ᠪᠣᠯᠤᠭᠰᠠᠨ ᠮᠤᠩᠭᠤᠯᠴᠤᠳ ᠭᠤᠯᠢᠷ ᠂ ᠪᠤᠳᠠᠭ᠎ᠠ ᠂ ᠭᠤᠸᠠᠮᠢᠶᠠᠨ ᠂ ᠬᠡᠳᠦᠬᠡᠨ ᠲᠥᠭᠥᠷᠢᠭ ᠲᠦ ᠬᠠᠭᠤᠷᠲᠠᠨ ᠰᠤᠩᠭᠤᠯᠲᠠ ᠬᠢᠭᠰᠡᠨ ᠳ᠋ᠦ ᠬᠠᠷᠠᠮᠰᠠᠵᠤ ᠪᠠᠢᠢᠨ᠎ᠠ ᠃ ᠣᠯᠠᠨ ᠵᠠᠭᠤᠨ ᠵᠢᠯ  ᠤᠨ ᠲᠡᠦᠬᠡ ᠲᠠᠢ ᠮᠤᠩᠭᠤᠯ ᠤᠯᠤᠰ  ᠤᠨ ᠵᠠᠮᠨᠠᠯ ᠲᠡᠦᠬᠡ ᠪᠡᠨ ᠮᠡᠳᠡᠬᠦ ᠦᠭᠡᠢ ᠢᠷᠡᠭᠡᠳᠦᠢ ᠪᠣᠯᠤᠭᠰᠠᠨ ᠬᠤᠢᠢᠴᠢ ᠳ᠋ᠤ ᠪᠠᠨ ᠶᠠᠮᠠᠷ ᠢᠷᠡᠭᠡᠳᠦᠢ ᠵᠢ ᠦᠯᠡᠳᠡᠭᠡᠬᠦ ᠪᠤᠢ ᠭᠡᠰᠡᠨ ᠢᠲᠡᠭᠡᠯ ᠂ ᠦᠵᠡᠯ ᠪᠣᠳᠤᠯ ᠦᠭᠡᠢ ᠪᠣᠯᠵᠤ ᠳ᠋ᠡ᠃ ᠲᠡᠢᠢᠮᠦ ᠦᠢᠯᠡᠳᠦᠯ ᠭᠠᠷᠭᠠᠭᠰᠠᠨ ᠨᠢ ᠮᠢᠨᠤ ᠨᠥᠬᠥᠷ  ᠤᠨ ᠵᠥᠪ ᠪᠠᠢᠢᠭᠰᠠᠨ᠃ ᠮᠤᠩᠭᠤᠯᠴᠤᠳ ᠮᠢᠨᠤ ᠬᠠᠨᠢ ᠵᠢ ᠭᠠᠳᠠᠭᠠᠳᠤ ᠶᠢᠨ ᠬᠢᠨ ᠲᠠᠢ ᠨᠡᠢᠢᠯᠡᠵᠦ ᠮᠤᠩᠭᠤᠯ ᠵᠢᠨᠨ ᠵᠠᠷᠤᠬᠤ ᠦᠭᠡᠢ ᠭᠡᠳᠡᠭ ᠲᠦ᠂ ᠠᠪᠯᠢᠭᠠᠯ ᠠᠪᠴᠤ ᠬᠠᠭᠤᠷᠠᠮᠴᠢ ᠳᠦᠷᠢ ᠡ‍ᠰᠬᠡᠬᠦ ᠦᠭᠡᠢ ᠭᠡᠳᠡᠭ ᠲᠦ᠂ ᠠᠮᠢᠨ ᠬᠤᠪᠢ ᠪᠠᠨ ᠬᠢᠴᠢᠶᠡᠵᠦ ᠭᠠᠭᠴᠠᠭᠠᠷ ᠵᠢᠨᠨ ᠰᠠᠢᠢᠬᠠᠨ ᠠᠮᠢᠳᠤᠷᠠᠬᠤ ᠵᠢᠨ ᠲᠥᠯᠦᠭᠡ ᠵᠢᠳᠬᠦᠬᠦ ᠦᠭᠡᠢ ᠭᠡᠳᠡᠭ ᠲᠦ ᠢᠲᠡᠭᠡᠬᠦ ᠬᠡᠷᠡᠭᠲᠡᠢ ᠃ ᠮᠤᠩᠭᠤᠯ ᠤᠨ ᠲᠥᠯᠦᠭᠡ ᠪᠦᠬᠦᠢᠢᠯᠡ ᠵᠦᠢᠯ ᠵᠢᠨᠨ ᠵᠤᠷᠢᠭᠤᠯᠬᠤ ᠬᠠᠯᠠᠭᠤᠨ ᠰᠡᠳᠬᠢᠯ ᠲᠠᠢ ᠵᠠᠯᠠᠭᠤᠰ ᠵᠢᠨᠨ ᠪᠦᠦ ᠭᠤᠮᠤᠳᠠᠭᠠᠭᠠᠰᠠᠢ ᠃

ᠰᠡᠳᠬᠢᠭᠳᠡᠯ ᠦᠯᠡᠳᠡᠭᠡᠬᠦ