ᠰᠢᠨ᠎ᠡ ᠫᠠᠷᠯᠠᠮᠧᠨᠲ ᠲᠠᠪᠤᠨ ᠠᠵᠢᠯ  ᠤᠨ ᠬᠡᠰᠡᠭ ᠪᠠᠢᠢᠭᠤᠯᠤᠨ ᠠᠵᠢᠯᠯᠠᠨ᠎ᠠ | News.MN

ᠰᠢᠨ᠎ᠡ ᠫᠠᠷᠯᠠᠮᠧᠨᠲ ᠲᠠᠪᠤᠨ ᠠᠵᠢᠯ  ᠤᠨ ᠬᠡᠰᠡᠭ ᠪᠠᠢᠢᠭᠤᠯᠤᠨ ᠠᠵᠢᠯᠯᠠᠨ᠎ᠠ

ᠤᠯᠤᠰ  ᠤᠨ ᠶᠡᠬᠡ ᠬᠤᠷᠠᠯ  ᠤᠨ ᠠᠩᠬᠠᠳᠤᠭᠠᠷ ᠴᠢᠭᠤᠯᠭᠠᠨ ᠪ ᠥᠨᠦᠳᠦᠷ  ᠤᠨ ᠦᠳᠡ ᠡ‍ᠴᠡ ᠬᠤᠢᠢᠰᠢᠬᠢ ᠬᠤᠷᠠᠯᠳᠤᠭᠠᠨ 96 ᠬᠤᠪᠢ ᠵᠢᠨ ᠢᠷᠡᠴᠡ ᠲᠠᠢ ᠡ‍ᠬᠢᠯᠡᠵᠦ ᠂ ᠭ᠊·ᠽᠠᠨᠳᠠᠨᠰᠢᠲᠠᠷ᠎ᠠ ᠵᠢ ᠤᠯᠤᠰ  ᠤᠨ ᠶᠡᠬᠡ ᠬᠤᠷᠠᠯ  ᠤᠨ ᠳᠠᠷᠤᠭ᠎ᠠ ᠪᠡᠷ ᠤᠯᠠᠷᠢᠭᠠᠨ ᠲᠤᠮᠢᠯᠠᠯ᠎ᠠ ᠃ ᠡ‍ᠨᠡ ᠦᠶ᠎ᠡ ᠪᠡᠷ ᠲᠡᠷᠡ᠄ ᠨᠠᠢᠮᠠᠳᠠᠭᠢ ᠤᠳᠠᠭᠠᠨ ᠪ ᠰᠤᠩᠭᠤᠭᠤᠯᠢ ᠪᠡᠷ ᠪᠦᠷᠢᠳᠦᠭᠰᠡᠨ ᠪᠠᠢᠢᠩᠭᠤ ᠵᠢᠨ ᠠᠵᠢᠯᠯᠠᠭ᠎ᠠ ᠲᠠᠢ ᠫᠠᠷᠯᠠᠮᠧᠨᠲ  ᠦᠨ ᠪᠦᠷᠢᠨ ᠡ‍ᠷᠬᠡ ᠬᠡᠷᠡᠭᠵᠢᠵᠦ ᠡ‍ᠬᠢᠯᠡᠯ᠎ᠡ ᠃

ᠨᠢᠭᠡᠳᠦᠭᠡᠷ ᠲᠦ ᠂ ᠬᠠᠤᠯᠢ ᠵᠢᠨ ᠷᠧᠹᠥᠷᠮ ᠬᠢᠬᠦ ᠠᠵᠢᠯ ᠵᠢᠨᠨ ᠦᠷᠭᠦᠯᠵᠢᠯᠡᠭᠦᠯᠦᠨ᠎ᠡ ᠃ ᠡ‍ᠬᠢᠨ ᠪ ᠡ‍ᠭᠡᠯᠵᠢ ᠳ᠋ᠦ 31 ᠬᠠᠤᠯᠢ ᠳᠤ ᠥᠭᠡᠷᠡᠴᠢᠯᠡᠯᠲᠡ ᠣᠷᠤᠭᠤᠯᠵᠤ ᠂ ᠰᠢᠨᠡᠴᠢᠯᠡᠬᠦ ᠱᠠᠭᠠᠷᠳᠠᠯᠭ᠎ᠠ ᠲᠠᠢ ᠪᠠᠢᠢᠨ᠎ᠠ᠃ ᠬᠤᠶᠠᠳᠤᠭᠠᠷ ᠲᠤ ᠂ ᠡ‍ᠳ᠋  ᠤᠨ ᠵᠠᠰᠠᠭ ᠵᠢᠨᠨ ᠡ‍ᠷᠡᠰᠳᠡᠯ ᠡ‍ᠴᠡ ᠬᠠᠮᠠᠭᠠᠯᠠᠬᠤ ᠥᠰᠦᠯᠲᠡ ᠵᠢᠨ ᠰᠠᠭᠤᠷᠢ ᠵᠢ ᠪᠦᠷᠢᠳᠦᠭᠦᠯᠵᠦ ᠂ ᠮᠥᠷ  ᠤᠨ ᠬᠥᠲᠦᠯᠪᠦᠷᠢ ᠪᠡᠨ ᠬᠡᠷᠡᠭᠵᠢᠭᠦᠯᠬᠦ ᠠᠵᠢᠯ ᠳ᠋ᠤ ᠪᠠᠨ ᠰᠢᠭᠤᠷᠬᠠᠢᠢᠯᠠᠨ ᠣᠷᠤᠨ᠎ᠠ ᠃ ᠭᠤᠷᠪᠠᠳᠤᠭᠠᠷ ᠲᠤ ᠂ ᠡ‍ᠳ᠋  ᠤᠨ ᠵᠠᠰᠠᠭ ᠊ᠢ ᠰᠤᠯᠤᠩᠭᠠᠷᠠᠭᠤᠯᠬᠤ ᠱᠠᠭᠠᠷᠳᠠᠯᠭ᠎ᠠ ᠲᠠᠢ ᠪᠠᠢᠢᠨ᠎ᠠ ᠃ ᠢᠩᠭᠢᠬᠦ ᠵᠢᠨ ᠲᠤᠯᠠᠳᠠ ᠠᠭᠤᠯᠠ ᠠᠭᠤᠷᠬᠠᠢ ᠡᠴᠠ ᠬᠡᠲᠦ ᠬᠠᠮᠢᠶᠠᠷᠤᠯ ᠲᠠᠢ ᠡ‍ᠳ᠋  ᠤᠨ ᠵᠠᠰᠠᠭ ᠲᠠᠢ ᠬᠥᠳᠡᠭᠡ ᠠᠵᠤ ᠠᠬᠤᠢ ᠵᠢᠨ ᠦᠢᠯᠡᠳᠪᠦᠷᠢᠯᠡᠯ ᠊ᠢ ᠳᠡᠮᠵᠢᠬᠦ ᠲᠥᠷᠦ ᠵᠢᠨ ᠪᠣᠳᠤᠯᠭ᠎ᠠ ᠵᠢ ᠳᠡᠮᠵᠢᠬᠦ ᠱᠠᠭᠠᠷᠳᠠᠯᠭ᠎ᠠ ᠲᠠᠢ ᠪᠠᠢᠢᠨ᠎ᠠ᠃ ᠳᠥᠷᠪᠡᠳᠦᠭᠡᠷ ᠲᠦ᠂ ᠰᠠᠢᠢᠨ ᠵᠠᠰᠠᠭᠯᠠᠯ ᠊ᠢ ᠪᠦᠷᠢᠳᠦᠭᠦᠯᠬᠦ ᠵᠢᠨ ᠲᠤᠯᠠᠳᠠ ᠤᠯᠤᠰ  ᠤᠨ ᠶᠡᠬᠡ ᠬᠤᠷᠠᠯ  ᠤᠨ ᠶᠤᠰᠣ ᠵᠦᠢ ᠵᠢᠨ ᠳᠡᠳ᠋ ᠬᠤᠷᠢᠶ᠎ᠠ ᠵᠢ ᠪᠠᠢᠢᠩᠭᠤ ᠵᠢᠨ ᠬᠤᠷᠢᠶ᠎ᠠ ᠪᠣᠯᠭᠠᠨ᠎ᠠ ᠃ ᠲᠠᠪᠤᠳᠤᠭᠠᠷ ᠲᠤ᠂ ᠨᠡᠢᠢᠭᠡᠮ ᠳ᠋ᠦ ᠠᠪᠴᠤ ᠬᠡᠷᠡᠭᠵᠢᠭᠦᠯᠵᠦ ᠪᠠᠢᠢᠭ᠎ᠠ ᠪᠣᠳᠤᠯᠭ᠎ᠠ ᠵᠢ  ᠲᠤᠤᠱᠲᠠᠢ ᠦᠷᠭᠦᠯᠵᠢᠯᠡᠭᠦᠯᠦᠨ᠎ᠡ ᠃ ᠡ‍ᠨᠡ ᠲᠠᠪᠤᠨ ᠴᠢᠭᠯᠡᠯ ᠳ᠋ᠦ ᠠᠵᠢᠯ  ᠤᠨ ᠬᠡᠰᠡᠭ ᠪᠠᠢᠢᠭᠤᠯᠵᠤ ᠂ ᠣᠢᠢᠷ᠎ᠠ ᠵᠢᠨ ᠦᠶ᠎ᠡ ᠳ᠋ᠦ ᠠᠵᠢᠯ ᠳ᠋ᠤ ᠪᠠᠨ ᠣᠷᠤᠨ᠎ᠠ ᠭᠡᠵᠦ ᠶᠠᠷᠢᠯ᠎ᠠ ᠃

ᠰᠡᠳᠬᠢᠭᠳᠡᠯ ᠦᠯᠡᠳᠡᠭᠡᠬᠦ