︽ᠰᠫᠣᠷᠲ ᠪᠠ ᠠᠮᠠᠨ ᠨᠠᠭᠠᠳᠤᠭᠠᠢ ︾ ᠦᠢᠯᠡ ᠠᠵᠢᠯᠯᠠᠭ᠎ᠠ ᠵᠤᠬᠢᠶᠠᠨ ᠪᠠᠢᠢᠭᠤᠯᠪᠠ | News.MN

︽ᠰᠫᠣᠷᠲ ᠪᠠ ᠠᠮᠠᠨ ᠨᠠᠭᠠᠳᠤᠭᠠᠢ ︾ ᠦᠢᠯᠡ ᠠᠵᠢᠯᠯᠠᠭ᠎ᠠ ᠵᠤᠬᠢᠶᠠᠨ ᠪᠠᠢᠢᠭᠤᠯᠪᠠ

 

ᠭᠤᠪᠢ ᠠᠯᠲᠠᠢ ᠠᠢᠢᠮᠠᠭ  ᠤᠨ ᠣᠷᠤᠨ ᠨᠤᠲᠤᠭ ᠰᠤᠳᠤᠯᠬᠤ ᠮᠦᠽᠧᠢ ᠡ‍ᠴᠡ︽ᠰᠫᠣᠷᠲ ᠪᠠ ᠠᠮᠠᠨ ᠨᠠᠭᠠᠳᠤᠭᠠᠢ︾ᠦᠢᠯᠡ ᠠᠵᠢᠯᠯᠠᠭ᠎ᠠ ᠵᠢ ᠵᠤᠬᠢᠶᠠᠨ ᠪᠠᠢᠢᠭᠤᠯᠤᠯ᠎ᠠ ᠃ ᠤᠯᠤᠰ  ᠦᠨ ᠣᠨᠴᠠᠭᠠᠢ ᠺᠣᠮᠢᠰ  ᠤᠨ ᠰᠢᠢᠳᠪᠦᠷᠢ ᠵᠢ ᠦᠨᠳᠦᠰᠦᠯᠡᠨ ᠲᠤᠰ ᠮᠦᠽᠧᠢ ᠡ‍ᠴᠡ ᠦᠨᠳᠦᠰᠦᠨ ᠪ ᠤᠯᠠᠮᠵᠢᠯᠠᠯᠲᠤ ᠰᠤᠶᠤᠯ ᠂ ᠲᠡᠦᠬᠡ ᠂ ᠥᠪ ᠊ᠢ ᠲᠠᠨᠢᠭᠤᠯᠬᠤ ᠵᠤᠷᠢᠯᠭ᠎ᠠ ᠪᠡᠷ ︽ᠰᠫᠣᠷᠲ ᠪᠠ ᠠᠮᠠᠨ ᠨᠠᠭᠠᠳᠤᠭᠠᠢ︾ᠪᠣᠯᠪᠠᠰᠤᠷᠠᠯ  ᠦᠨ ᠬᠥᠲᠦᠯᠪᠦᠷᠢ ᠵᠢ 16 ᠪᠠ ᠲᠡᠭᠦᠨ ᠡ‍ᠴᠡ ᠳᠡᠭᠡᠭᠰᠢ ᠨᠠᠰᠤᠨ ᠪ 12 ᠬᠥᠮᠦᠨ ᠊ᠢ ᠬᠠᠮᠤᠷᠤᠭᠤᠯᠤᠨ ᠵᠤᠬᠢᠶᠠᠨ ᠶᠠᠪᠤᠭᠤᠯᠤᠭᠰᠠᠨ ᠶᠤᠮ ᠃ ᠡᠨᠡ ᠬᠥᠲᠦᠯᠪᠦᠷᠢ ᠨᠢ ᠰᠫᠣᠷᠲ ᠤᠨ ᠠᠯᠢᠪᠠ ᠲᠤᠭᠯᠠᠭᠠᠮ ᠊ᠢ ᠲᠤᠭᠯᠠᠬᠤ ᠳ᠋ᠤ ᠪᠠᠨ ᠮᠤᠩᠭᠤᠯ ᠠᠷᠠᠳ ᠤᠨ ᠠᠮᠠᠨ ᠵᠤᠬᠢᠶᠠᠯ ᠤᠨ ᠲᠥᠷᠦᠯ ᠪᠣᠯᠬᠤ ᠬᠡᠯᠡᠴᠡ ᠦᠭᠡ ᠂ ᠵᠦᠢᠷ ᠦᠭᠡ ᠂ ᠬᠡᠯᠡ ᠵᠦᠭᠰᠢᠷᠡᠭᠦᠯᠬᠦ ᠦᠭᠡ ᠂ ᠢᠷᠦᠭᠡᠯ ᠂ ᠮᠠᠭᠲᠠᠭᠠᠯ ᠵᠡᠷᠭᠡ ᠵᠢ ᠠᠰᠢᠭᠯᠠᠨ ᠲᠤᠭᠯᠠᠭᠰᠠᠨ ᠵᠢᠨᠷ ᠵᠢᠨᠨ ᠣᠨᠴᠠᠯᠢᠭ ᠲᠠᠢ ᠪᠠᠢᠢᠯ᠎ᠠ ᠃

ᠲᠡᠭᠦᠨᠴᠢᠯᠡᠨ ᠲᠤᠰ ᠮᠦᠽᠧᠢ ᠣᠯᠠᠨ ᠨᠡᠢᠢᠲᠡ ᠵᠢ ᠬᠠᠮᠤᠷᠤᠭᠰᠠᠨ ᠦᠢᠯᠡ ᠠᠵᠢᠯᠯᠠᠭ᠎ᠠ ᠵᠤᠬᠢᠶᠠᠨ ᠪᠠᠢᠢᠭᠤᠯᠬᠤ ᠂ ᠪᠠᠢᠢᠷᠢ ᠲᠠᠩᠬᠢᠮ ᠳᠤ ᠰᠤᠷᠭᠠᠯᠲᠠ ᠬᠢᠬᠦ ᠪᠣᠯᠤᠮᠵᠢ ᠦᠭᠡᠢ ᠪᠠᠢᠢᠭ᠎ᠠ ᠴᠠᠭ ᠦᠶ᠎ᠡ ᠳ᠋ᠦ ᠴᠠᠬᠢᠮ ᠰᠤᠷᠭᠠᠯᠲᠠ ᠬᠢᠵᠦ᠂ ᠮᠤᠩᠭᠤᠯ ᠤᠯᠤᠰ ᠦᠨ ᠥᠨᠴᠦᠭ ᠪᠤᠯᠤᠩ ᠪᠦᠷᠢ ᠡ‍ᠴᠡ ᠣᠷᠤᠯᠴᠠᠬᠤ ᠪᠣᠯᠤᠮᠵᠢ ᠪᠦᠷᠢᠳᠦᠭᠦᠯᠦᠨ ᠠᠵᠢᠯᠯᠠᠵᠠᠢ ᠃ ᠲᠤᠬᠠᠢᠢᠯᠠᠪᠠᠯ᠂︽ᠦᠨᠳᠦᠰᠦᠨ ᠪ ᠲᠤᠭᠯᠠᠭᠠᠮ ᠨᠠᠭᠠᠳᠤᠭᠠᠢ ︾ᠰᠡᠳᠦᠪ  ᠤᠨ ᠬᠦᠷᠢᠶᠡᠨ ᠳ᠋ᠦ ᠱᠠᠭᠠᠢ ᠵᠢᠨ ᠲᠤᠭᠯᠠᠭᠠᠮ ᠨᠠᠭᠠᠳᠤᠭᠠᠢ ᠵᠢ ᠭᠤᠪᠢ ᠠᠯᠲᠠᠢ ᠂ ᠵᠠᠪᠬᠠᠨ ᠠᠢᠢᠮᠠᠭ ᠤᠨ ᠤᠷᠤᠯᠴᠠᠭᠰᠠᠳ ᠭᠡᠷ ᠪᠦᠯᠢ ᠪᠡᠷ ᠵᠢᠨᠨ ᠲᠤᠭᠯᠠᠨ ᠪᠢᠴᠢᠯᠭᠡ ᠪᠣᠯᠭᠠᠨ ᠴᠠᠬᠢᠮ ᠳ᠋ᠤ ᠪᠠᠢᠢᠷᠢᠰᠢᠭᠤᠯᠤᠭᠰᠠᠨ ᠊ᠢ 3844 ᠬᠥᠮᠦᠨ ᠦᠵᠡᠵᠦ ᠂ 1676 ᠬᠥᠮᠦᠨ ᠪᠢᠴᠢᠯᠭᠡ ᠵᠢ ᠣᠯᠠᠨ ᠨᠡᠢᠢᠲᠡ ᠳ᠋ᠦ ᠲᠦᠭᠡᠭᠡᠭᠰᠡᠨ ᠪᠠᠢᠢᠨ᠎ᠠ ᠃

ᠰᠡᠳᠬᠢᠭᠳᠡᠯ ᠦᠯᠡᠳᠡᠭᠡᠬᠦ