ᠬᠡᠯᠮᠡᠭᠳᠡᠭᠰᠡᠳ ᠦᠨ ᠦᠷ᠎ᠡ ᠬᠡᠦᠬᠡᠳ ᠲᠦ ᠲᠡᠷᠪᠤᠮ ᠲᠥᠭᠥᠷᠢᠭ ᠣᠯᠭᠤᠵᠠᠢ | News.MN

ᠬᠡᠯᠮᠡᠭᠳᠡᠭᠰᠡᠳ ᠦᠨ ᠦᠷ᠎ᠡ ᠬᠡᠦᠬᠡᠳ ᠲᠦ ᠲᠡᠷᠪᠤᠮ ᠲᠥᠭᠥᠷᠢᠭ ᠣᠯᠭᠤᠵᠠᠢ

ᠪᠤᠯᠠᠭᠠᠨ ᠠᠢᠢᠮᠠᠭ  ᠤᠨ ᠴᠠᠭᠠᠳᠬᠠᠬᠤ ᠠᠵᠢᠯ ᠊ᠢ ᠤᠳᠤᠷᠢᠳᠤᠨ ᠵᠤᠬᠢᠶᠠᠨ ᠪᠠᠢᠢᠭᠤᠯᠬᠤ ᠰᠠᠯᠪᠤᠷᠢ ᠺᠣᠮᠢᠰ ᠣᠨ ᠤ ᠡᠬᠢᠨ ᠡᠴᠡ ᠨᠠᠰᠢ ᠬᠡᠯᠮᠡᠭᠳᠡᠭᠰᠡᠳ ᠦᠨ ᠠᠷᠤ ᠭᠡᠷ ᠲᠦ ᠲᠡᠷᠪᠤᠮ ᠲᠥᠭᠥᠷᠢᠭ  ᠤᠨ ᠨᠥᠬᠥᠨ ᠤᠯᠭᠤᠪᠤᠷᠢ ᠣᠯᠭᠤᠵᠠᠢ ᠃ᠠᠢᠢᠮᠠᠭ  ᠤᠨ ᠬᠡᠮᠵᠢᠶᠡᠨ ᠳ᠋ᠦ 16 ᠬᠡᠯᠮᠡᠭᠳᠡᠭᠰᠡᠳ ᠦᠨ ᠦᠷ᠎ᠡ ᠬᠡᠦᠬᠡᠳ  ᠲᠦ ᠨᠥᠬᠥᠨ ᠤᠯᠭᠤᠪᠤᠷᠢ ᠥᠭᠭᠦᠭᠰᠡᠨ ᠪᠠᠢᠢᠨ᠎ᠠ ᠃ ᠲᠡᠳᠡᠨ ᠡ‍ᠴᠡ ᠣᠨᠴᠠᠭᠠᠢ ᠪᠦᠷᠢᠨ ᠡ‍ᠷᠬᠡᠲᠦ ᠺᠣᠮᠢᠰ  ᠤᠨ ᠰᠢᠢᠳᠪᠦᠷᠢ ᠪᠡᠷ 1938 ᠣᠨ ᠳᠤ ᠴᠠᠭᠠᠵᠠᠯᠠᠭᠳᠠᠭᠰᠠᠨ ᠲᠡᠰᠢᠭ ᠰᠤᠮᠤ ᠵᠢᠨ ᠬᠠᠷᠢᠶᠠᠲᠤ ᠠ᠊·ᠠᠶᠤᠰᠢ᠂ ᠪ᠊·ᠭᠡᠯᠢᠭ ᠂ ᠪ᠊·ᠵᠢᠮᠪᠸ᠂ ᠠ᠊·ᠸᠴᠢᠷ᠂ ᠰᠡᠯᠡᠩᠭᠡ ᠰᠤᠮᠤ ᠵᠢᠨ ᠬᠠᠷᠢᠶᠠᠲᠤ ᠵ᠊·ᠯᠤᠪᠰᠠᠩ ᠂ ᠳ᠋᠊·ᠱᠠᠭᠳᠠᠷᠰᠦ᠋ᠷᠤᠩ᠂ ᠴ᠊·ᠴᠢᠮᠡᠳ᠂ ᠳᠠᠰᠢᠩᠴᠢᠯᠡᠩ ᠰᠤᠮᠤ ᠵᠢᠨ ᠬᠠᠷᠢᠶᠠᠲᠤ ᠨ᠊·ᠷᠠᠪᠵᠠᠢ ᠂ ᠣᠷᠬᠤᠨ ᠰᠤᠮᠤ ᠵᠢᠨ ᠬᠠᠷᠢᠶᠠᠲᠤ ᠣ᠊ · ᠴᠢᠳᠠᠷᠠᠪᠠᠯ ᠨᠠᠷ  ᠤᠨ ᠦᠷ᠎ᠡ ᠬᠡᠦᠬᠡᠳ  80 ᠰᠠᠶ᠎ᠠ ᠲᠥᠭᠥᠷᠢᠭ ᠤᠨ ᠨᠥᠬᠥᠨ  ᠤᠯᠭᠤᠪᠤᠷᠢ ᠠᠪᠤᠭᠠᠳ ᠪᠠᠢᠢᠨ᠎ᠠ ᠭᠡᠵᠦ ᠠᠢᠢᠮᠠᠭ  ᠤᠨ ᠴᠠᠭᠠᠳᠬᠠᠬᠤ ᠠᠵᠢᠯ ᠊ᠢ ᠤᠳᠤᠷᠢᠳᠤᠨ ᠵᠤᠬᠢᠶᠠᠨ ᠪᠠᠢᠢᠭᠤᠯᠬᠤ ᠠᠢᠢᠮᠠᠭ  ᠤᠨ ᠰᠠᠯᠪᠤᠷᠢ ᠺᠣᠮᠢᠰ ᠮᠡᠳᠡᠭᠡᠯᠡᠯ᠎ᠡ ᠃

ᠰᠡᠳᠬᠢᠭᠳᠡᠯ ᠦᠯᠡᠳᠡᠭᠡᠬᠦ