ᠳ᠋᠊·ᠨᠠᠴᠤᠭᠳᠤᠷᠵᠢ ᠨᠤᠮ ᠤᠨ ᠰᠠᠩ ᠊ᠢ ᠰᠢᠨᠡᠴᠢᠯᠡᠨ ᠵᠠᠰᠠᠪᠤᠷᠢᠯᠠᠵᠤ ᠪᠠᠢᠢᠨ᠎ᠠ | News.MN

ᠳ᠋᠊·ᠨᠠᠴᠤᠭᠳᠤᠷᠵᠢ ᠨᠤᠮ ᠤᠨ ᠰᠠᠩ ᠊ᠢ ᠰᠢᠨᠡᠴᠢᠯᠡᠨ ᠵᠠᠰᠠᠪᠤᠷᠢᠯᠠᠵᠤ ᠪᠠᠢᠢᠨ᠎ᠠ

76 ᠵᠢᠯ  ᠤᠨ ᠲᠡᠦᠬᠡ ᠲᠠᠢ ᠶᠡᠬᠡ ᠵᠤᠬᠢᠶᠠᠯᠴᠢ ᠳ᠋᠊·ᠨᠠᠴᠤᠭᠳᠤᠷᠵᠢ ᠵᠢᠨ ᠨᠡᠷᠡᠮᠵᠢᠲᠦ ᠲᠥᠪ ᠠᠢᠢᠮᠠᠭ  ᠤᠨ ᠨᠡᠢᠢᠲᠡ ᠵᠢᠨ ᠨᠤᠮ ᠤᠨ ᠰᠠᠩ ᠊ᠢ ᠰᠢᠨᠡᠴᠢᠯᠡᠨ ᠵᠠᠰᠠᠪᠤᠷᠢᠯᠠᠬᠤ ᠠᠵᠢᠯ ᠡ‍ᠬᠢᠯᠡᠯ᠎ᠡ ᠃ 2019 ᠣᠨ ᠪ ᠨᠠᠢᠮᠠᠳᠤᠭᠠᠷ ᠰᠠᠷ᠎ᠠ ᠳᠤ ᠠᠢᠢᠮᠠᠭ ᠤᠨ ᠤᠳᠤᠷᠢᠳᠤᠯᠭ᠎ᠠ ᠨᠠᠷ ᠪᠦᠭᠦᠳᠡ ᠨᠠᠢᠢᠷᠠᠮᠳᠠᠬᠤ ᠰᠤᠯᠤᠩᠭᠤᠰ ᠤᠯᠤᠰ  ᠤᠨ  ᠫᠶᠤᠨᠲ᠋ᠠᠺ ᠬᠤᠲᠠ ᠳᠤ ᠵᠤᠴᠢᠯᠠᠵᠤ ᠬᠤᠲᠠ ᠵᠢᠨ ᠵᠠᠬᠢᠷᠤᠭᠴᠢ ᠵᠠᠩ ᠴᠠᠩ ᠰᠤᠨ ᠲᠠᠢ ᠠᠭᠤᠯᠵᠠᠬᠤ ᠦᠶ᠎ᠡ ᠪᠡᠷ ᠠᠢᠢᠮᠠᠭ  ᠤᠨ ᠨᠤᠮ  ᠤᠨ ᠰᠠᠩ ᠊ᠢ ᠰᠢᠨᠡᠴᠢᠯᠡᠨ ᠵᠠᠰᠠᠪᠤᠷᠢᠯᠠᠬᠤ ᠲᠠᠯ᠎ᠠ ᠪᠡᠷ ᠬᠡᠯᠡᠯᠴᠡᠨ ᠭᠡᠷ᠎ᠡ ᠪᠠᠢᠢᠭᠤᠯᠵᠠᠢ ᠃

ᠲᠤᠰ ᠨᠤᠮ ᠤᠨ ᠰᠠᠩ ᠨᠢ ᠠᠩᠬ᠎ᠠ 1944 ᠣᠨ ᠳᠤ ᠪᠠᠢᠢᠭᠤᠯᠤᠭᠳᠠᠵᠤ ᠪᠠᠢᠢᠭᠰᠠᠨ ᠲᠡᠦᠬᠡ ᠲᠠᠢ ᠃ 1990 ᠣᠨ ᠳᠤ ᠨᠢᠭᠡ ᠡ‍ᠭᠡᠯᠵᠢᠨ ᠳ᠋ᠦ ᠪᠡᠨ 120 ᠬᠥᠮᠦᠨ ᠬᠦᠯᠢᠶᠡᠨ ᠠᠪᠬᠤ ᠂ 100 ᠮᠢᠩᠭᠠᠨ ᠨᠤᠮ ᠪᠠᠢᠢᠷᠢᠯᠠᠭᠤᠯᠬᠤ ᠬᠦᠴᠦᠨ ᠴᠢᠳᠠᠯ ᠲᠠᠢ ᠵᠤᠷᠢᠭᠤᠯᠤᠯᠲᠠ ᠵᠢᠨ ᠪᠠᠢᠷᠢ  ᠳᠤ ᠤᠷᠤᠵᠤ ᠪᠠᠢᠵᠠᠢ᠃ ᠰᠠᠩ ᠬᠥᠮᠦᠷᠭᠡ ᠳ᠋ᠦ ᠪᠡᠨ 34 ᠮᠢᠩᠭᠠᠨ ᠨᠤᠮ ᠲᠠᠢ ᠂ ᠵᠢᠯ ᠳ᠋ᠦ ᠳᠤᠮᠳᠠᠴᠢ ᠪᠡᠷ 4000 ᠣᠷᠴᠢᠮ ᠪᠠᠢᠢᠩᠭᠤ ᠵᠢᠨ ᠤᠩᠰᠢᠭᠴᠢᠳ ᠲᠤ ᠦᠢᠯᠡᠴᠢᠯᠡᠳᠡᠭ ᠪᠠᠢᠢᠨ᠎ᠠ ᠃ ᠡ‍ᠢᠢᠨ ᠬᠦ ᠰᠢᠨ᠎ᠡ ᠨᠤᠮ  ᠤᠨ ᠰᠠᠩ ᠲᠠᠢ ᠪᠣᠯᠤᠭᠰᠠᠨ ᠵᠢᠨᠷ ᠨᠢᠭᠡ ᠡ‍ᠭᠡᠯᠵᠢᠨ ᠳ᠋ᠦ ᠪᠡᠨ 160 ᠤᠩᠰᠢᠭᠴᠢ ᠬᠦᠯᠢᠶᠡᠨ ᠠᠪᠴᠤ ᠂ ᠬᠡᠦᠬᠡᠳ ᠂ ᠨᠠᠰᠤᠨ ᠳᠤ ᠬᠦᠷᠦᠭᠴᠢᠳ ᠂ ᠬᠥᠭᠵᠢᠯ  ᠤᠨ ᠪᠡᠷᠬᠡᠰᠢᠶᠡᠯ ᠲᠠᠢ ᠢᠷᠭᠡᠳ ᠲᠦ ᠵᠤᠷᠢᠭᠤᠯᠤᠭᠰᠠᠨ ᠭᠤᠷᠪᠠᠨ ᠤᠩᠰᠢᠯᠭ᠎ᠠ ᠵᠢᠨ ᠲᠠᠩᠬᠢᠮ ᠵᠢᠨᠷ ᠦᠢᠯᠡᠴᠢᠯᠡᠭᠦᠯᠬᠦ ᠪᠣᠯᠤᠮᠵᠢᠲᠠᠢ ᠪᠣᠯᠬᠤ ᠶᠤᠮ ᠃

ᠰᠡᠳᠬᠢᠭᠳᠡᠯ ᠦᠯᠡᠳᠡᠭᠡᠬᠦ