ᠠᠯᠲᠠᠢ ᠂ ᠪᠤᠭᠤᠲᠤ ᠰᠤᠮᠤ ᠳᠤ ᠪᠠᠭ᠎ᠠ ᠣᠩᠭᠤᠴᠠ ᠨᠢᠰᠴᠦ ᠡ‍ᠬᠢᠯᠡᠯ᠎ᠡ | News.MN

ᠠᠯᠲᠠᠢ ᠂ ᠪᠤᠭᠤᠲᠤ ᠰᠤᠮᠤ ᠳᠤ ᠪᠠᠭ᠎ᠠ ᠣᠩᠭᠤᠴᠠ ᠨᠢᠰᠴᠦ ᠡ‍ᠬᠢᠯᠡᠯ᠎ᠡ

ᠭᠤᠪᠢ ᠠᠯᠲᠠᠢ ᠠᠢᠢᠮᠠᠭ  ᠤᠨ ᠠᠯᠲᠠᠢ ᠂ ᠪᠤᠭᠤᠲᠤ ᠰᠤᠮᠤ  ᠤᠷᠤᠭᠤ ᠪᠠᠭ᠎ᠠ ᠣᠪᠣᠷ  ᠤᠨ ᠣᠩᠭᠤᠴᠠ ᠨᠢᠰᠬᠡᠵᠦ ᠡ‍ᠬᠢᠯᠡᠯ᠎ᠡ ᠃ ᠣᠩᠭᠤᠴᠠ ᠨᠢ 12 ᠬᠥᠮᠦᠨ ᠪ ᠰᠠᠭᠤᠳᠠᠯ ᠲᠠᠢ᠂ 8,340 ᠮᠧᠲ᠋ᠷ ᠥᠨᠳᠦᠷ ᠲᠦ ᠂ 341 ᠺᠢᠯᠤᠮᠧᠲ᠋ᠷ ᠴᠠᠭ  ᠤᠨ ᠬᠤᠷᠳᠤ ᠲᠠᠢ᠂ 1,700 ᠺᠢᠯᠤᠮᠧᠲ᠋ᠷ  ᠠᠯᠤᠰᠯᠠᠯᠲᠠᠢ ᠨᠢᠰᠬᠦ ᠶᠤᠮ᠃ ᠠᠯᠲᠠᠢ᠂ ᠪᠤᠭᠤᠲᠤ ᠰᠤᠮᠤ ᠨᠢ ᠠᠢᠢᠮᠠᠭ  ᠤᠨ ᠲᠥᠪ ᠡ‍ᠴᠡ ᠠᠯᠤᠰᠯᠠᠭᠳᠠᠮᠠᠯ᠂ ᠬᠥᠮᠦᠨ ᠠᠮᠠ ᠶᠡᠬᠡᠲᠡᠢ᠂ ᠥᠨᠳᠦᠷ ᠠᠭᠤᠯᠠᠰ᠂ ᠳᠠᠪᠠᠭ᠎ᠠ ᠪᠠᠷᠲᠠᠭ᠎ᠠ ᠲᠠᠢ᠂ ᠢᠯᠠᠩᠭᠤᠶ᠎ᠠ ᠡ‍ᠪᠦᠯ ᠂ ᠬᠠᠪᠤᠷ  ᠤᠨ ᠤᠯᠠᠷᠢᠯ ᠳᠤ ᠵᠠᠮ ᠂ ᠳᠠᠪᠠᠭ᠎ᠠ ᠬᠠᠭᠠᠭᠳᠠᠵᠤ᠂ ᠠᠢᠢᠮᠠᠭ ᠤᠨ ᠲᠥᠪ ᠤᠷᠤᠭᠤ ᠵᠤᠷᠴᠢᠬᠤ ᠳᠤ ᠬᠦᠨᠳᠦᠷᠡᠯ ᠡ‍ᠭᠦᠰᠳᠡᠭ᠃ ᠪᠠᠭ᠎ᠠ ᠣᠪᠣᠷ  ᠤᠨ ᠣᠩᠭᠤᠴᠠ ᠨᠢᠰᠴᠦ ᠡ‍ᠬᠢᠯᠡᠭᠰᠡᠨ ᠵᠢᠨᠷ ᠠᠯᠤᠰᠯᠠᠭᠳᠠᠮᠠᠯ ᠰᠤᠮᠤ ᠰᠠᠭᠤᠷᠢᠨ ᠪ ᠥᠨᠳᠦᠷ ᠨᠠᠰᠤᠲᠠᠨ ᠂ ᠨᠢᠯᠬ᠎ᠠ ᠬᠡᠦᠬᠡᠳ ᠲᠠᠢ ᠡ‍ᠬᠡᠴᠦᠳ᠂ ᠡ‍ᠮᠨᠡᠯᠭᠡ ᠵᠢᠨ ᠶᠠᠭᠠᠷᠠᠯᠲᠠᠢ ᠲᠤᠰᠠᠯᠠᠮᠵᠢ ᠦᠢᠯᠡᠴᠢᠯᠡᠭᠡ ᠠᠪᠬᠤ ᠱᠠᠭᠠᠷᠳᠠᠯᠭ᠎ᠠ ᠲᠠᠢ ᠢᠷᠭᠡᠳ ᠲᠦ ᠠᠢᠢᠮᠠᠭ  ᠤᠨ ᠲᠥᠪ ᠂ ᠨᠡᠢᠢᠰᠯᠡᠯ ᠬᠤᠲᠠ ᠤᠷᠤᠭᠤ ᠲᠦᠷᠭᠡᠨ ᠰᠢᠭᠤᠷᠬᠠᠢ ᠵᠤᠷᠴᠢᠬᠤ ᠪᠣᠯᠤᠮᠵᠢ ᠪᠦᠷᠢᠳᠴᠦ ᠂ ᠲᠥᠷᠦ ᠵᠢᠨ ᠦᠢᠯᠡᠴᠢᠯᠡᠭᠡ ᠢᠷᠭᠡᠳ ᠲᠦ ᠣᠢᠢᠷᠠᠳᠴᠤ ᠪᠠᠢᠢᠨ᠎ᠠ ᠃

ᠴᠠᠭᠠᠰᠢᠳᠠ 21 ᠠᠢᠢᠮᠠᠭ  ᠤᠨ 116 ᠪᠠᠢᠢᠷᠢᠰᠢᠯ ᠳ᠋ᠤ ᠶᠡᠷᠦᠩᠬᠡᠢ ᠵᠤᠷᠢᠭᠤᠯᠤᠯᠲᠠ ᠵᠢᠨ ᠠᠭᠠᠷ  ᠤᠨ ᠬᠥᠯᠭᠡ ᠵᠢᠨ ᠵᠤᠷᠪᠤᠰ ᠪᠠᠢᠢᠭᠤᠯᠬᠤ ᠪᠥᠭᠡᠳ ᠡ‍ᠬᠢᠨ ᠪ ᠡ‍ᠭᠡᠯᠵᠢ ᠳ᠋ᠦ ᠳᠤᠷᠤᠨᠠᠲᠤ ᠠᠢᠢᠮᠠᠭ  ᠤᠨ ᠪᠠᠶᠠᠨᠳᠤᠩ ᠂ ᠬᠠᠯᠬ᠎ᠠ ᠭᠤᠤᠯ ᠂ ᠬᠡᠨᠲᠡᠢ ᠠᠢᠢᠮᠠᠭ  ᠤᠨ ᠭᠠᠯ ᠰᠢᠷ᠎ᠠ ᠂  ᠪᠢᠨᠳᠠᠷ᠂ ᠳᠠᠳᠤᠯ ᠵᠡᠷᠭᠡ ᠰᠤᠮᠤᠨ ᠳᠤ ᠬᠥᠭᠡᠷᠴᠦ ᠂ ᠪᠠᠭᠤᠬᠤ ᠵᠤᠷᠪᠤᠰ ᠪᠠᠢᠢᠭᠤᠯᠬᠤ ᠪᠡᠷ ᠠᠵᠢᠯᠯᠠᠵᠤ ᠪᠠᠢᠢᠨ᠎ᠠ ᠭᠡᠵᠦ ᠵᠠᠮ ᠲᠡᠭᠡᠭᠡᠪᠦᠷᠢ ᠵᠢᠨ ᠬᠥᠭᠵᠢᠯ ᠤᠨ ᠶᠠᠮᠤᠨ ᠡᠴᠠ ᠮᠡᠳᠡᠭᠡᠯᠡᠯ᠎ᠡ ᠃

ᠰᠡᠳᠬᠢᠭᠳᠡᠯ ᠦᠯᠡᠳᠡᠭᠡᠬᠦ