ᠬᠥᠯ ᠪᠥᠮᠪᠥᠭᠡᠴᠢᠳ ᠤᠳᠠᠬᠤ ᠦᠭᠡᠢ ᠢᠷᠠᠨ᠎ᠠ | News.MN

ᠬᠥᠯ ᠪᠥᠮᠪᠥᠭᠡᠴᠢᠳ ᠤᠳᠠᠬᠤ ᠦᠭᠡᠢ ᠢᠷᠠᠨ᠎ᠠ

ᠮᠤᠩᠭᠤᠯ  ᠤᠨ ᠬᠥᠯ ᠪᠥᠮᠪᠥᠭᠡ ᠵᠢᠨ ᠬᠤᠯᠪᠣᠭ᠎ᠠ ᠬᠠᠩᠭᠠᠷᠢ ᠤᠯᠤᠰ ᠤᠨ ᠠᠯᠳᠠᠷᠲᠤ  ᠫᠤᠱᠺᠠᠱ  ᠠᠺᠠᠳ᠋ᠸᠮᠢ ᠲᠠᠢ ᠬᠢᠭᠰᠡᠨ ᠬᠠᠮᠲᠤ ᠵᠢᠨ ᠠᠵᠢᠯᠯᠠᠭᠠᠨ ᠪ ᠭᠡᠷ᠎ᠡ ᠵᠢᠨ ᠳᠠᠭᠠᠤ ᠳᠥᠷᠪᠡᠳᠡᠬᠢ ᠡ‍ᠭᠡᠯᠵᠢ ᠵᠢᠨ ᠬᠡᠦᠬᠡᠳ ᠤᠳ ᠵᠢᠨᠨ ᠥᠩᠭᠡᠷᠡᠭᠰᠡᠨ ᠣᠨ ᠳᠤ ᠢᠯᠡᠭᠡᠭᠰᠡᠨ ᠪᠢᠯᠡ ᠃ ︽ᠬᠠᠷᠢᠶᠠᠴᠠᠢ︾ᠺᠯᠦ᠋ᠪ ᠦᠨ ᠲᠠᠮᠢᠷᠴᠢᠳ ᠪᠣᠯᠬᠤ ᠡ‍᠊·ᠰᠠᠷᠠᠭᠤᠯᠪᠤᠶᠠᠨ ᠪᠣᠯᠤᠨ ᠭ᠊ · ᠪᠤᠶᠠᠨᠨᠡᠮᠡᠬᠦ ᠨᠠᠷ ᠨᠢᠭᠡ ᠵᠢᠯ  ᠤᠨ ᠬᠤᠭᠤᠴᠠᠭᠠᠨ ᠳᠤ ᠲᠤᠰ ᠠᠺᠠᠳᠧᠮᠢ ᠵᠢᠨ 17 ᠬᠦᠷᠲᠡᠯᠡᠬᠢ ᠨᠠᠰᠤᠨ ᠪ ᠪᠠᠭ ᠲᠤ ᠲᠤᠭᠯᠠᠵᠤ ᠂ ᠪᠡᠯᠡᠳᠬᠡᠯ ᠰᠤᠷᠭᠠᠭᠤᠯᠢᠯᠲᠠ  ᠬᠢᠵᠤ ᠡ‍ᠨᠡ ᠰᠠᠷ᠎ᠠ ᠳᠤ ᠰᠤᠷᠭᠠᠯᠲᠠ ᠪᠠᠨ ᠳᠠᠭᠤᠰᠬᠠᠪᠠ ᠃ ᠨᠢᠭᠡ ᠵᠢᠯ  ᠤᠨ ᠬᠤᠭᠤᠴᠠᠭᠠᠨ ᠳᠤ ᠲᠡᠳᠡ ᠪᠡᠶ᠎ᠡ ᠪᠢᠯᠳᠠᠷ᠂ ᠤᠷ᠎ᠠ ᠴᠢᠳᠠᠪᠤᠷᠢ ᠵᠢᠨ ᠬᠤᠪᠢ ᠳᠦ ᠢᠯᠡᠳᠲᠡ ᠰᠠᠢᠢᠵᠢᠷᠠᠭᠰᠠᠨ ᠭᠡᠳᠡᠭ ᠵᠢᠨᠨ ᠬᠡᠯᠡᠵᠦ ᠪᠠᠢᠢᠨ᠎ᠠ ᠃ ᠮᠥᠨ ᠡᠸᠦ᠋ᠷᠦᠫᠡ ᠵᠢᠨ ᠲᠦᠪᠰᠢᠨ ᠪ ᠥᠰᠪᠦᠷᠢ ᠵᠢᠨ ᠲᠠᠮᠢᠷᠴᠢᠳ ᠡᠴᠠ ᠳᠤᠲᠠᠬᠤ ᠪᠡᠷ ᠦᠭᠡᠢ ᠤᠷ᠎ᠠ ᠴᠢᠳᠠᠪᠤᠷᠢᠲᠠᠢ ᠪᠣᠯᠤᠭᠰᠠᠨ ᠭᠡᠳᠡᠭ ᠵᠢᠨᠨ ᠴᠦ ᠢᠯᠡᠷᠬᠡᠢᠢᠯᠡᠵᠦ ᠪᠠᠢᠢᠭᠰᠠᠨ ᠶᠤᠮ ᠃

ᠮᠤᠩᠭᠤᠯ  ᠤᠨ ᠬᠥᠯ ᠪᠥᠮᠪᠥᠭᠡ ᠵᠢᠨ ᠬᠤᠯᠪᠣᠭ᠎ᠠ ᠤᠯᠤᠰ ᠤᠨ ᠤᠨᠴᠠᠭᠠᠢ ᠺᠤᠮᠢᠰ ᠲᠤ ᠬᠦᠰᠡᠯᠲᠡ ᠭᠠᠷᠭᠠᠵᠤ᠂ ᠡ‍ᠳᠡᠭᠡᠷ ᠬᠡᠦᠬᠡᠳ ᠊ᠢ ᠡ‍ᠬᠡ ᠣᠷᠤᠨ  ᠳᠤ ᠪᠠᠨ ᠠᠪᠴᠤ ᠢᠷᠡᠬᠦ ᠨᠡᠩ ᠱᠠᠭᠠᠷᠳᠠᠯᠭ᠎ᠠ ᠲᠠᠢ ᠪᠠᠢᠢᠭ᠎ᠠ ᠵᠢ ᠲᠠᠨᠢᠯᠴᠠᠭᠤᠯᠤᠭᠰᠠᠨ ᠪᠥᠭᠡᠳ ᠮᠤᠩᠭᠤᠯ ᠤᠯᠤᠰ  ᠤᠨ ᠰᠢᠳᠠᠷ ᠰᠠᠢᠢᠳ ᠂ ᠤᠯᠤᠰ ᠤᠨ ᠤᠨᠴᠠᠭᠠᠢ ᠺᠤᠮᠢᠰ  ᠤᠨ ᠳᠠᠷᠤᠭ᠎ᠠ ᠥ᠊·ᠡᠩᠬᠡᠲᠦ᠋ᠪᠰᠢᠨ ᠳᠡᠮᠵᠢᠨ ᠠᠵᠢᠯᠯᠠᠬᠤ ᠪᠠᠨ ᠠᠮᠠᠯᠠᠭᠰᠠᠨ ᠶᠤᠮ ᠃ ᠬᠠᠷᠢᠨ ᠫᠤᠱᠺᠠᠱ ᠠᠺᠠᠳᠧᠮᠢ ᠵᠢᠨ ᠬᠤᠶᠠᠳᠤᠭᠠᠷ ᠪᠠᠭ ᠲᠤ ᠲᠤᠭᠯᠠᠵᠤ ᠪᠠᠢᠢᠭ᠎ᠠ ᠭ᠊·ᠭᠠᠩᠪᠠᠶᠠᠷ ᠮᠡᠷᠭᠡᠵᠢᠯ  ᠤᠨ ᠲᠤᠭᠯᠠᠭᠴᠢ ᠵᠢᠨ ᠭᠡᠷ᠎ᠡ ᠵᠢᠨ ᠳᠠᠭᠠᠤ ᠦᠷᠭᠦᠯᠵᠢᠯᠡᠭᠦᠯᠦᠨ ᠬᠠᠩᠭᠠᠷᠢ ᠤᠯᠤᠰ ᠲᠤ ᠪᠡᠯᠡᠳᠬᠡᠯ ᠰᠤᠷᠭᠠᠭᠤᠯᠢᠯᠲᠠ ᠪᠠᠨ ᠬᠠᠩᠭᠠᠵᠤ ᠪᠠᠢᠢᠨ᠎ᠠ ᠃

ᠰᠡᠳᠬᠢᠭᠳᠡᠯ ᠦᠯᠡᠳᠡᠭᠡᠬᠦ