ᠠᠷᠠᠳ ᠤᠨ ᠬᠤᠪᠢᠰᠬᠠᠯ ᠤᠨ 99 ᠵᠢᠯ ᠤᠨ ᠣᠢ ᠵᠢᠨ ᠤᠯᠤᠰ ᠤᠨ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠦᠨᠳᠦᠰᠦᠨ ᠪ ᠪᠥᠬᠡ ᠵᠢᠨ ᠰᠠᠯᠪᠤᠷᠢ ᠬᠤᠷᠢᠶᠠᠨ ᠡᠴᠠ ᠂ ᠴᠠᠷ᠎ᠠ ᠲᠠᠬᠤᠯ ᠤᠨ ᠦᠶ᠎ᠡ ᠳ᠋ᠦ ᠨᠠᠭᠠᠳᠤᠮ ᠵᠤᠬᠢᠶᠠᠨ ᠪᠠᠢᠢᠭᠤᠯᠬᠤ ᠲᠠᠢ ᠬᠤᠯᠪᠣᠭᠠᠲᠠᠢ ᠪᠡᠷ ᠮᠤᠩᠭᠤᠯ ᠤᠨ ᠦᠨᠳᠦᠰᠦᠨ ᠪ ᠪᠥᠬᠡ ᠵᠢᠨ ᠬᠤᠯᠪᠣᠭᠠᠨ ᠳᠤ ᠴᠢᠭᠯᠡᠯ ᠬᠦᠷᠭᠡᠭᠦᠯᠵᠡᠢ ᠃
ᠲᠤᠬᠠᠢᠢᠯᠠᠪᠠᠯ ᠂ ᠤᠯᠤᠰ ᠤᠨ ᠶᠡᠬᠡ ᠪᠠᠶᠠᠷ ᠨᠠᠭᠠᠳᠤᠮ ᠳᠤ ᠪᠠᠷᠢᠯᠳᠤᠬᠤ 512 ᠪᠥᠬᠡ ᠵᠢ ᠵᠢᠷᠭᠤᠳᠤᠭᠠᠷ ᠰᠠᠷ᠎ᠠ ᠵᠢᠨ 26 – 28 ᠳ᠋ᠦ ᠴᠠᠬᠢᠮ ᠵᠢᠨᠷ ᠪᠣᠯᠤᠨ ᠱᠠᠭᠠᠷᠳᠠᠯᠭ᠎ᠠ ᠲᠠᠢ ᠲᠤᠬᠢᠶᠠᠯᠳᠤᠯ ᠳᠤ ᠵᠠᠷᠢᠮ ᠪᠥᠬᠡ ᠵᠢ ᠪᠡᠶᠡᠴᠢᠯᠡᠨ ᠪᠠᠢᠢᠯᠴᠠᠭᠤᠯᠤᠨ ᠪᠦᠷᠢᠳᠬᠡᠬᠦ ᠃ ᠪᠠᠷᠢᠯᠳᠤᠬᠤ ᠪᠥᠬᠡᠴᠦᠳ ᠨᠠᠭᠠᠳᠤᠮ ᠤᠨ ᠡᠳᠦᠷ ᠤᠳ ᠲᠦ ᠬᠡᠷᠡᠭᠯᠡᠬᠦ ᠬᠦᠨᠡᠰᠦ ᠂ ᠰᠠᠨᠳᠠᠯᠢ ᠂ ᠨᠠᠷᠠᠨ ᠪ ᠬᠠᠭᠠᠯᠲᠠ ᠵᠡᠷᠭᠡ ᠵᠢ ᠦᠪᠡᠷ ᠢᠶᠡᠨ ᠪᠡᠯᠡᠳᠬᠡᠬᠦ ᠃ ᠬᠠᠷᠢᠨ ᠠᠵᠢᠯᠯᠠᠬᠤ ᠴᠡᠴᠡ᠂ ᠵᠠᠰᠠᠭᠤᠯ᠂ ᠵᠠᠶ᠋ᠢᠭ ᠳᠢᠭ ᠤᠨ ᠪᠠᠭ ᠤᠨ ᠡᠳᠦᠷ ᠤᠨ ᠬᠤᠭᠤᠯᠠ ᠵᠢ ᠪᠥᠬᠡ ᠵᠢᠨ ᠰᠠᠯᠪᠤᠷᠢ ᠺᠣᠮᠢᠰ ᠡᠴᠠ ᠭᠠᠷᠭᠠᠬᠤ ᠃
ᠮᠥᠨ ᠪᠠᠷᠢᠯᠳᠤᠬᠤ ᠪᠥᠬᠡᠴᠦᠳ ᠭᠡᠷ ᠪᠦᠯᠢ᠂ ᠣᠢᠢᠷ᠎ᠠ ᠳᠤᠲᠤᠨᠣ ᠵᠢᠨ ᠨᠠᠢᠢᠵᠠ ᠨᠥᠬᠥᠳ ᠂ ᠪᠠᠭᠰᠢ ᠂ ᠳᠠᠰᠬᠠᠯᠵᠢᠭᠤᠯᠤᠭᠴᠢ ᠂ ᠱᠠᠪᠢ ᠵᠡᠷᠭᠡ ᠶᠠᠮᠠᠷ ᠴᠦ ᠬᠥᠮᠦᠨ ᠊ᠢ ᠨᠠᠭᠠᠳᠤᠮ ᠤᠨ ᠲᠠᠯᠠᠪᠠᠢ ᠤᠷᠤᠭᠤ ᠳᠠᠭᠠᠭᠤᠯᠵᠤ ᠣᠷᠤᠬᠤ ᠦᠭᠡᠢ ᠪᠠᠢᠢᠬᠤ ᠭᠡᠬᠦ ᠵᠡᠷᠭᠡ ᠵᠢᠭᠠᠪᠤᠷᠢ ᠵᠢ ᠭᠠᠷᠭᠠᠵᠠᠢ ᠃