ᠺᠠᠨᠠᠳᠠ ᠂ ᠮᠤᠩᠭᠤᠯ  ᠤᠨ ᠫᠠᠷᠯᠠᠮᠧᠨᠲ  ᠤᠨ ᠠᠭᠤᠯᠵᠠᠯᠲᠠ ᠪᠣᠯᠪᠠ | News.MN

ᠺᠠᠨᠠᠳᠠ ᠂ ᠮᠤᠩᠭᠤᠯ  ᠤᠨ ᠫᠠᠷᠯᠠᠮᠧᠨᠲ  ᠤᠨ ᠠᠭᠤᠯᠵᠠᠯᠲᠠ ᠪᠣᠯᠪᠠ

ᠺᠠᠨᠠᠳᠠ ᠵᠢᠨ ᠫᠠᠷᠯᠠᠮᠧᠨᠲ  ᠲᠡᠬᠢ ᠺᠠᠨᠠᠳᠠ ᠂ ᠮᠤᠩᠭᠤᠯ  ᠤᠨ ᠫᠠᠷᠯᠠᠮᠧᠨᠲ ᠤᠨ ᠨᠠᠢᠢᠷᠠᠮᠳᠠᠯ  ᠤᠨ ᠪᠦᠯᠦᠭ  ᠤᠨ ᠲᠸᠯᠸ  ᠠᠭᠤᠯᠵᠠᠯᠲᠠ ᠥᠴᠦᠭᠡᠳᠦᠷ ᠪᠣᠯᠪᠠ ᠃

ᠠᠭᠤᠯᠵᠠᠯᠲᠠ ᠵᠢ ᠨᠠᠢᠢᠷᠠᠮᠳᠠᠯ  ᠤᠨ ᠪᠦᠯᠦᠭ  ᠤᠨ ᠳᠠᠷᠤᠭ᠎ᠠ ᠬᠠᠲᠤᠭᠲᠠᠢ  ᠶᠠᠰᠮᠢᠨ ᠷᠠᠲ᠋ᠠᠨᠽᠢ ᠤᠳᠤᠷᠢᠳᠴᠤ ᠂ ᠺᠠᠨᠠᠳᠠ ᠵᠢᠨ ᠫᠠᠷᠯᠠᠮᠧᠨᠲ  ᠤᠨ ᠨᠡᠢᠢᠲᠡ ᠵᠢᠨ ᠲᠠᠩᠬᠢᠮ ᠤᠨ ᠳᠠᠷᠤᠭ᠎ᠠ ᠠᠰᠠᠨ  ᠵᠸᠹ ᠷᠸᠭᠠᠨ ᠂  ᠰᠸᠨᠠᠲ᠋ᠤᠷ  ᠶᠤᠾᠠ ᠮᠠᠷᠲ᠋ᠢᠨ ᠂  ᠸᠢᠺᠲ᠋ᠤᠷ ᠣ ᠂ ᠫᠠᠷᠯᠠᠮᠧᠨᠲ  ᠤᠨ ᠭᠡᠰᠢᠭᠦᠨ ᠂ ᠭᠠᠳᠠᠭᠠᠳᠤ ᠬᠠᠷᠢᠯᠴᠠᠭ᠎ᠠ ᠡᠷᠬᠢᠯᠡᠭᠰᠡᠨ ᠫᠠᠷᠯᠠᠮᠧᠨᠲ  ᠤᠨ ᠨᠠᠷᠢᠨ ᠪᠢᠴᠢᠭ  ᠤᠨ ᠳᠠᠷᠤᠭ᠎ᠠ ᠷᠤᠪ  ᠤᠯᠢᠹᠠᠨᠲ ᠨᠠᠷ  ᠤᠨ ᠭᠡᠰᠢᠭᠦᠳ ᠣᠷᠤᠯᠴᠠᠯ᠎ᠠ ᠃

ᠮᠤᠩᠭᠤᠯ ᠤᠯᠤᠰ  ᠤᠨ ᠲᠠᠯ᠎ᠠ ᠡᠴᠠ ᠡ‍ᠯᠴᠢᠨ ᠰᠠᠢᠢᠳ ᠶᠠ᠊·ᠠᠷᠢᠭᠤᠨᠪᠤᠯᠤᠳ ᠣᠷᠤᠯᠴᠠᠵᠤ ᠂ ᠮᠤᠩᠭᠤᠯ ᠂ ᠺᠠᠨᠠᠳᠠ ᠵᠢᠨ ᠬᠠᠷᠢᠯᠴᠠᠭ᠎ᠠ ᠂ ᠬᠠᠮᠲᠤ ᠵᠢᠨ ᠠᠵᠢᠯᠯᠠᠭᠠᠨ ᠪ ᠥᠨᠦ ᠵᠢᠨ ᠪᠠᠢᠢᠳᠠᠯ ᠤᠨ ᠲᠠᠯ᠎ᠠ ᠪᠡᠷ ᠳᠡᠯᠭᠡᠷᠡᠩᠭᠦᠢ ᠮᠡᠳᠡᠭᠡᠯᠡᠵᠦ ᠂  ᠬᠤᠶᠠᠷ ᠤᠯᠤᠰ ᠤᠨ ᠬᠠᠤᠯᠢ ᠲᠤᠭᠲᠠᠭᠠᠬᠤ ᠪᠠᠢᠢᠭᠤᠯᠭ᠎ᠠ ᠵᠢᠨ ᠬᠠᠮᠲᠤ ᠵᠢᠨ ᠠᠵᠢᠯᠯᠠᠭ᠎ᠠ ᠵᠢ ᠢᠳᠡᠪᠬᠢᠵᠢᠭᠦᠯᠬᠦ ᠂ ᠬᠤᠳᠠᠯᠳᠤᠭ᠎ᠠ ᠂ ᠬᠥᠷᠦᠩᠭᠡ ᠣᠷᠤᠭᠤᠯᠤᠯᠲᠠ ᠵᠢ ᠨᠡᠮᠡᠭᠳᠡᠭᠦᠯᠬᠦ ᠳ᠋ᠦ ᠠᠩᠬᠠᠷᠴᠤ ᠠᠵᠢᠯᠯᠠᠵᠤ ᠪᠠᠢᠢᠭ᠎ᠠ ᠵᠢ ᠲᠡᠮᠳᠡᠭᠯᠡᠪᠡ ᠃

ᠰᠡᠳᠬᠢᠭᠳᠡᠯ ᠦᠯᠡᠳᠡᠭᠡᠬᠦ