ᠪᠥᠬᠡ ᠵᠢᠨ ᠪᠠᠷᠢᠯᠳᠤᠭᠠᠨ ᠤ ᠭᠠᠷ  ᠤᠨ ᠳ᠋ᠠ ᠨᠠᠷ ᠲᠤ ᠰᠤᠷᠭᠠᠯᠲᠠ ᠶᠠᠪᠤᠭᠤᠯᠵᠠᠢ | News.MN

ᠪᠥᠬᠡ ᠵᠢᠨ ᠪᠠᠷᠢᠯᠳᠤᠭᠠᠨ ᠤ ᠭᠠᠷ  ᠤᠨ ᠳ᠋ᠠ ᠨᠠᠷ ᠲᠤ ᠰᠤᠷᠭᠠᠯᠲᠠ ᠶᠠᠪᠤᠭᠤᠯᠵᠠᠢ

ᠦᠨᠳᠦᠰᠦᠨ ᠪ ᠶᠡᠬᠡ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠬᠤᠷᠢᠶ᠎ᠠ ᠥᠩᠭᠡᠷᠡᠭᠰᠡᠨ ᠰᠠᠷ᠎ᠠ ᠳᠤ ᠬᠤᠷᠠᠯᠳᠤᠵᠤ ᠨᠠᠭᠠᠳᠤᠮ ᠊ᠢ ᠬᠥᠯ ᠬᠥᠳᠡᠯᠭᠡᠭᠡᠨ ᠂ ᠪᠥᠭᠡᠮᠨᠡᠷᠡᠯ ᠡ‍ᠭᠦᠰᠬᠡᠬᠦ ᠦᠭᠡᠢ ᠪᠡᠷ ᠵᠤᠬᠢᠶᠠᠨ ᠪᠠᠢᠢᠭᠤᠯᠬᠤ ᠰᠢᠢᠳᠪᠦᠷᠢ ᠭᠠᠷᠭᠠᠭᠰᠠᠨ ᠃ ‪ ᠪᠥᠬᠡ ᠵᠢᠨ ᠪᠠᠷᠢᠯᠳᠤᠭᠠᠨ ᠂ ᠬᠤᠷᠳᠤᠨ ᠮᠤᠷᠢᠳ ᠤᠨ ᠤᠷᠤᠯᠳᠤᠭᠠᠨ ᠂ ᠰᠤᠷ ᠬᠠᠷᠪᠤᠭ᠎ᠠ ᠵᠢ ᠲᠧᠯᠸᠢᠰ ᠪᠣᠯᠤᠨ ᠴᠠᠬᠢᠮ ᠣᠷᠴᠢᠨ ᠵᠢᠨᠷ ᠳᠠᠮᠵᠢᠭᠤᠯᠤᠨ ᠣᠯᠠᠨ ᠲᠦᠮᠡᠨ ᠳ᠋ᠦ ᠲᠦᠭᠡᠭᠡᠬᠦ ᠪᠡᠷ ᠲᠥᠯᠦᠪᠯᠡᠭᠡᠳ ᠪᠠᠢᠢᠭ᠎ᠠ ᠶᠤᠮ ᠃ ᠮᠥᠨ ᠤᠯᠤᠰ ᠂ ᠠᠢᠢᠮᠠᠭ ᠂ ᠰᠤᠮᠤᠳ  ᠤᠨ ᠨᠠᠭᠠᠳᠤᠮ ᠊ᠢ ᠳᠤᠯᠤᠳᠤᠭᠠᠷ ᠰᠠᠷ᠎ᠠ ᠵᠢᠨ 11 ᠂ 12᠎ ᠳ᠋ᠦ ᠨᠢᠭᠡᠨ ᠵᠡᠷᠭᠡ ᠵᠤᠬᠢᠶᠠᠨ ᠪᠠᠢᠢᠭᠤᠯᠬᠤ ᠰᠢᠢᠳᠪᠦᠷᠢ  ᠭᠠᠷᠭᠠᠵᠤ᠂ ᠤᠯᠤᠰ ᠦᠨ ᠨᠠᠭᠠᠳᠤᠮ ᠳᠦ 512 ᠂ ᠠᠢᠢᠮᠠᠭ  ᠤᠨ ᠨᠠᠭᠠᠳᠤᠮ ᠳᠤ 128 ᠂ ᠰᠤᠮᠤᠳ ᠤᠨ ᠨᠠᠭᠠᠳᠤᠮ ᠳᠤ 64᠎ ᠡ‍ᠴᠡ ᠢᠯᠡᠭᠦᠦ ᠪᠥᠬᠡ  ᠪᠠᠷᠢᠯᠳᠤᠭᠤᠯᠬᠤ ᠶᠢ ᠬᠤᠷᠢᠭᠯᠠᠵᠠᠢ ᠃ ᠡ‍ᠭᠦᠨ ᠲᠠᠢ ᠬᠤᠯᠪᠣᠭᠳᠠᠭᠤᠯᠤᠨ ᠮᠤᠩᠭᠤᠯ ᠤᠨ ᠦᠨᠳᠦᠰᠦᠨ ᠪ ᠪᠥᠬᠡ ᠵᠢᠨ ᠬᠤᠯᠪᠣᠭᠠᠨ ᠡᠴᠠ ᠠᠢᠢᠮᠠᠭ ᠤᠨ ᠪᠠᠶᠠᠷ ᠨᠠᠭᠠᠳᠤᠮ ᠤᠨ ᠪᠥᠬᠡ ᠵᠢᠨ ᠪᠠᠷᠢᠯᠳᠤᠭᠠᠨ ᠊ᠢ ᠵᠤᠬᠢᠶᠠᠨ ᠪᠠᠢᠢᠭᠤᠯᠬᠤ ᠭᠠᠷ  ᠤᠨ ᠳ᠋ᠠ ᠨᠠᠷ ᠲᠦ ᠥᠴᠦᠭᠡᠳᠦᠷ ᠴᠠᠬᠢᠮ ᠰᠤᠷᠭᠠᠯᠲᠠ ᠶᠠᠪᠤᠭᠤᠯᠵᠠᠢ ᠃ ᠠᠢᠢᠮᠠᠭ ᠤᠳ ᠤᠨ ᠪᠠᠶᠠᠷ ᠨᠠᠭᠠᠳᠤᠮ ᠳᠤ ᠪᠠᠷᠢᠯᠳᠤᠬᠤ 128 ᠪᠥᠬᠡ ᠵᠢᠨ ᠪᠦᠷᠢᠳᠬᠡᠯ ᠡ‍ᠨᠡ ᠰᠠᠷ᠎ᠠ ᠵᠢᠨ 27 – 30᠎ ᠳ᠋ᠦ ᠦᠷᠭᠦᠯᠵᠢᠯᠡᠬᠦ ᠶᠤᠮ ᠪᠠᠢᠢᠨ᠎ᠠ ᠃

ᠰᠡᠳᠬᠢᠭᠳᠡᠯ ᠦᠯᠡᠳᠡᠭᠡᠬᠦ