ᠵ᠊ · ᠡ‍ᠷᠳᠡᠨᠢᠪᠠᠲᠤ ᠵᠢ ᠰᠤᠯᠠᠯᠠᠬᠤ  ᠶᠢ ᠱᠠᠭᠠᠷᠳᠠᠯ᠎ᠠ | News.MN

ᠵ᠊ · ᠡ‍ᠷᠳᠡᠨᠢᠪᠠᠲᠤ ᠵᠢ ᠰᠤᠯᠠᠯᠠᠬᠤ  ᠶᠢ ᠱᠠᠭᠠᠷᠳᠠᠯ᠎ᠠ

︽ᠬᠥᠮᠦᠨ ᠪ ᠡ‍ᠷᠬᠡ ᠵᠢ ᠬᠠᠮᠠᠭᠠᠯᠠᠬᠤ ᠡ‍ᠭᠦᠷᠭᠡ ᠲᠠᠢ ᠰᠢᠭᠦᠬᠦ ᠪᠠᠢᠢᠭᠤᠯᠭ᠎ᠠ ᠡᠴᠠ ᠠᠩᠬ᠎ᠠ ᠤᠳᠠᠭ᠎ᠠ ᠦᠨᠳᠦᠰᠦᠨ ᠬᠠᠤᠯᠢ ᠵᠥᠷᠢᠴᠡᠭᠰᠡᠨ ᠰᠢᠢᠳᠪᠦᠷᠢ ᠭᠠᠷᠭᠠᠯ᠎ᠠ ︾ ᠬᠡᠮᠡᠨ ᠬᠥᠮᠦᠨ ᠪ ᠡ‍ᠷᠬᠡ ᠵᠢᠨ ᠦᠨᠳᠦᠰᠦᠨ ᠪ ᠺᠣᠮᠢᠰ  ᠤᠨ ᠳᠠᠷᠤᠭ᠎ᠠ ᠠᠰᠠᠨ ᠵ᠊ · ᠪᠢᠮᠪᠠᠳᠤᠷᠵᠢ ᠮᠡᠳᠡᠭᠳᠡᠯ᠎ᠡ ᠃

ᠲᠡᠷᠡ ᠪᠡᠷ ᠬᠠᠤᠯᠢ ᠰᠢᠭᠦᠬᠦ ᠵᠢᠨ ᠪᠠᠢᠢᠭᠤᠯᠭ᠎ᠠ ᠡᠴᠠ ᠳᠠᠷᠠᠭᠠᠬᠢ ᠳᠥᠷᠪᠡᠨ ᠵᠦᠢᠯ ᠊ᠢ ᠱᠠᠭᠠᠷᠳᠠᠵᠠᠢ ᠃ ᠨᠢᠭᠡᠳᠦᠭᠡᠷ ᠲᠦ ᠂ ᠰᠢᠭᠦᠬᠦ ᠪᠠᠢᠢᠭᠤᠯᠭ᠎ᠠ ᠮᠤᠩᠭᠤᠯ ᠤᠯᠤᠰ ᠤᠨ ᠡ‍ᠷᠡᠭᠦᠦ ᠵᠢᠨ ᠬᠠᠤᠯᠢ  ᠳᠤ ᠵᠢᠭᠠᠭᠰᠠᠨ ᠲᠤᠷᠭᠠᠬᠤ ᠶᠠᠯ᠎ᠠ ᠡᠴᠠ ᠬᠡᠳᠦᠨ ᠠᠷᠪᠠ ᠳᠠᠬᠢᠨ ᠢᠯᠡᠭᠦᠦ ᠬᠡᠮᠵᠢᠶ᠎ᠡ ᠲᠠᠢ ᠪᠠᠷᠢᠴᠠᠭᠠᠨ ᠪ ᠮᠥᠩᠭᠥ ᠲᠤᠭᠲᠠᠭᠠᠵᠤ᠂ ᠲᠡᠭᠦᠨ ᠊ᠢ ᠪᠡᠨ ᠪᠡᠶᠡᠯᠡᠭᠦᠯᠬᠦ ᠵᠢ ᠳᠠᠭᠠᠭᠠᠯᠭᠠᠭᠰᠠᠨ ᠰᠢᠢᠳᠪᠦᠷᠢ ᠭᠠᠷᠭᠠᠯ᠎ᠠ ᠃ ᠰᠢᠭᠦᠬᠦ ᠵᠢᠨ ᠡ‍ᠨᠡ ᠬᠠᠤᠯᠢ ᠪᠤᠰᠤ ᠦᠢᠯᠡ ᠠᠵᠢᠯᠯᠠᠭ᠎ᠠ ᠵᠢ ᠨᠡᠩ ᠳᠠᠷᠤᠢ ᠲᠠᠰᠤᠯᠤᠨ ᠵᠤᠭᠰᠤᠭᠠᠬᠤ ᠵᠢ ᠱᠠᠭᠠᠷᠳᠠᠵᠤ ᠪᠠᠢᠢᠨ᠎ᠠ ᠃ ᠬᠤᠶᠠᠳᠤᠭᠠᠷ  ᠲᠤ᠂ ᠵ᠊·ᠡ‍ᠷᠳᠡᠨᠢᠪᠠᠲᠤ ᠵᠢ ᠰᠢᠭᠦᠬᠦ ᠡ‍ᠴᠡ ᠳᠠᠭᠤᠳᠠᠬᠤ ᠳ᠋ᠤ ᠲᠡᠷᠡ ᠪᠡᠷ ᠬᠦᠨᠳᠦᠳᠬᠡᠨ ᠦᠵᠡᠬᠦ ᠰᠢᠯᠲᠠᠭᠠᠨ ᠦᠭᠡᠢ ᠪᠡᠷ ᠢᠷᠡᠭᠡ ᠦᠭᠡᠢ ᠭᠡᠵᠦ ᠰᠢᠭᠦᠬᠦ ᠮᠡᠳᠡᠭᠳᠡᠯ᠎ᠡ ᠃ ᠤᠯᠤᠰ  ᠤᠨ ᠶᠡᠬᠡ ᠬᠤᠷᠠᠯ ᠤᠨ  ᠰᠤᠩᠭᠤᠭᠤᠯᠢ  ᠳᠤ ᠨᠡᠷ᠎ᠡ ᠳᠡᠪᠰᠢᠭᠴᠢᠳ 20 ᠬᠦᠷᠬᠦ ᠦᠭᠡᠢ ᠬᠤᠨᠤᠭ ᠲᠤ ᠪᠠᠭᠲᠠᠭᠠᠨ ᠰᠤᠷᠲᠠᠯᠴᠢᠯᠠᠭ᠎ᠠ ᠬᠢᠬᠦ ᠬᠠᠤᠯᠢ ᠲᠠᠢ ᠃ ᠵ᠊·ᠡ‍ᠷᠳᠡᠨᠢᠪᠠᠲᠤ ᠰᠡᠯᠡᠩᠭᠡ ᠠᠢᠢᠮᠠᠭ ᠲᠤ ᠮᠠᠰᠢ ᠳᠠᠪᠴᠢᠭᠤ ᠬᠤᠭᠤᠴᠠᠭᠠᠨ ᠳᠤ ᠰᠤᠷᠲᠠᠯᠴᠢᠯᠠᠭ᠎ᠠ ᠬᠢᠵᠦ ᠶᠠᠪᠤᠭᠰᠠᠨ᠃ ᠡ‍ᠨᠡ ᠲᠤᠬᠢᠶᠠᠯᠳᠤᠯ ᠡᠴᠠ ᠥᠭᠡᠷ᠎ᠡ ᠶᠠᠮᠠᠷ ᠬᠦᠨᠳᠦᠳᠬᠡᠨ ᠦᠵᠡᠬᠦ ᠰᠢᠯᠲᠠᠭᠠᠨ ᠪᠠᠢᠢᠬᠤ ᠪᠢᠯᠡ᠃ ᠬᠠᠷᠢᠨ ᠴᠦ ᠨᠡᠷ᠎ᠡ ᠳᠡᠪᠰᠢᠭᠴᠢ ᠵᠢ ᠬᠤᠤᠷᠯᠠᠭᠰᠠᠨ ᠠᠵᠢᠯᠯᠠᠭ᠎ᠠ ᠪᠣᠯᠤᠭᠰᠠᠨ ᠊ᠢ ᠬᠦᠯᠢᠶᠡᠨ ᠵᠥᠪᠰᠢᠶᠡᠷᠡ ᠃

ᠭᠤᠷᠪᠠᠳᠤᠭᠠᠷ ᠲᠤ ᠂ ᠤᠯᠤᠰ  ᠤᠨ ᠶᠡᠬᠡ ᠬᠤᠷᠠᠯ ᠤᠨ ᠭᠡᠰᠢᠭᠦᠨ ᠵ᠊·ᠡ‍ᠷᠳᠡᠨᠢᠪᠠᠲᠤ ᠵᠢ ᠨᠡᠩ ᠳᠠᠷᠤᠢ ᠰᠤᠯᠠᠯᠠᠵᠤ ᠂ ᠬᠠᠤᠯᠢ ᠪᠤᠰᠤ ᠰᠢᠢᠳᠪᠦᠷᠢ ᠭᠠᠷᠭᠠᠭᠰᠠᠨ ᠰᠢᠭᠦᠭᠴᠢ ᠳᠦ ᠶᠤᠰᠣ ᠵᠦᠢ ᠵᠢᠨ ᠪᠣᠯᠤᠨ ᠬᠠᠤᠯᠢ ᠵᠦᠢ ᠵᠢᠨ ᠬᠠᠷᠢᠭᠤᠴᠠᠯᠭ᠎ᠠ ᠬᠦᠯᠢᠶᠡᠯᠭᠡᠵᠦ ᠂ ᠣᠯᠠᠨ ᠨᠡᠢᠢᠲᠡ ᠳ᠋ᠦ ᠮᠡᠳᠡᠭᠡᠯᠡ ᠃ ᠳᠥᠷᠪᠡᠳᠦᠭᠡᠷ ᠲᠦ᠂ ᠤᠯᠤᠰ ᠤᠨ ᠶᠡᠬᠡ ᠬᠤᠷᠠᠯ ᠤᠨ ᠬᠠᠯᠳᠠᠰᠢ ᠦᠭᠡᠢ ᠪᠠᠢᠢᠳᠠᠯ ᠤᠨ ᠳᠡᠳ᠋ ᠬᠤᠷᠢᠶ᠎ᠠ ᠵᠢ ᠴᠠᠬᠢᠮ ᠵᠢᠨᠷ ᠬᠤᠷᠠᠯᠳᠤᠭᠤᠯᠵᠤ ᠂ ᠳ᠋ᠦᠩᠨᠡᠯᠲᠡ ᠭᠠᠷᠭᠠᠬᠤ ᠵᠢ ᠱᠠᠭᠠᠷᠳᠠᠵᠤ ᠪᠠᠢᠢᠨ᠎ᠠ ᠭᠡᠪᠡ ᠃

ᠰᠡᠳᠬᠢᠭᠳᠡᠯ ᠦᠯᠡᠳᠡᠭᠡᠬᠦ