︽ᠡ‍ᠨᠡᠳᠬᠡᠭ ᠮᠤᠩᠭᠤᠯ  ᠤᠨ ᠲᠦᠭᠦᠯ︾ ᠢ ᠨᠡᠭᠡᠭᠡᠵᠦ 65 ᠮᠤᠳᠣ ᠲᠠᠷᠢᠯ᠎ᠠ | News.MN

︽ᠡ‍ᠨᠡᠳᠬᠡᠭ ᠮᠤᠩᠭᠤᠯ  ᠤᠨ ᠲᠦᠭᠦᠯ︾ ᠢ ᠨᠡᠭᠡᠭᠡᠵᠦ 65 ᠮᠤᠳᠣ ᠲᠠᠷᠢᠯ᠎ᠠ

ᠮᠤᠩᠭᠤᠯ ᠡᠨᠡᠳᠬᠡᠭ ᠦᠨ ᠳ᠋ᠢᠫᠯᠤᠮᠠᠲ ᠬᠠᠷᠢᠯᠴᠠᠭ᠎ᠠ ᠲᠤᠭᠲᠠᠭᠠᠭᠰᠠᠨ ᠪ 65 ᠵᠢᠯ  ᠤᠨ ᠣᠢ ᠵᠢ ᠲᠤᠬᠢᠶᠠᠯᠳᠤᠭᠤᠯᠤᠨ ᠡ‍ᠨᠡᠳᠬᠡᠭ ᠤᠯᠤᠰ ᠡᠴᠠ ᠮᠤᠩᠭᠤᠯ ᠤᠯᠤᠰ ᠲᠤ ᠰᠠᠭᠤᠭ᠎ᠠ ᠡ‍ᠯᠴᠢᠨ ᠰᠠᠢᠢᠳ  ᠤᠨ ᠶᠠᠮᠤᠨ ᠡᠴᠠ ᠦᠨᠳᠦᠰᠦᠨ ᠪ ᠴᠡᠴᠡᠷᠯᠢᠭᠲᠦ ᠬᠦᠷᠢᠶᠡᠯᠡᠩ ᠳ᠋ᠦ ︽ᠡ‍ᠨᠡᠳᠬᠡᠭ ᠮᠤᠩᠭᠤᠯ  ᠤᠨ ᠲᠦᠭᠦᠯ︾ ᠢ ᠥᠨᠦᠳᠦᠷ ᠨᠡᠭᠡᠭᠡᠵᠦ ᠂ 65 ᠮᠤᠳᠣ ᠲᠠᠷᠢᠯ᠎ᠠ ᠃ ᠲᠤᠰ ᠡ‍ᠯᠴᠢᠨ ᠰᠠᠢᠢᠳ  ᠤᠨ ᠶᠠᠮᠤᠨ ᠡᠴᠠ ᠥᠩᠭᠡᠷᠡᠭᠰᠡᠨ ᠵᠢᠯ ᠮᠠᠾᠠᠲ᠋ᠮᠠ ᠭᠠᠨᠳᠢ ᠶᠢᠨ ᠮᠡᠨᠳᠦᠯᠡᠭᠰᠡᠨ ᠪ 150 ᠵᠢᠯ  ᠤᠨ ᠣᠢ ᠪᠡᠷ 150 ᠮᠤᠳᠣ ᠂ ᠡ‍ᠨᠡᠳᠬᠡᠭ ᠤᠨ ᠰᠢᠺᠾ ᠱᠠᠰᠢᠨ ᠊ᠢ ᠦᠨᠳᠦᠰᠦᠯᠡᠭᠴᠢ  ᠭᠷᠦ᠋ ᠨᠠᠨ᠎ᠠ ᠮᠡᠨᠳᠦᠯᠡᠭᠰᠡᠨ ᠪ 550 ᠵᠢᠯ  ᠤᠨ ᠣᠢ ᠵᠢ ᠲᠤᠬᠢᠶᠠᠯᠳᠤᠭᠤᠯᠤᠨ 550 ᠮᠤᠳᠣ ᠵᠢ ᠲᠠᠷᠢᠭᠰᠠᠨ ᠪᠠᠢᠢᠨ᠎ᠠ ᠃ ᠡ‍ᠯᠴᠢᠨ ᠰᠠᠢᠢᠳ ᠮ᠊·ᠫ᠊·ᠰᠢᠩᠾ᠄ ᠪᠢᠳᠠ ᠮᠤᠩᠭᠤᠯ ᠤᠯᠤᠰ  ᠦᠨ ᠨᠤᠭᠤᠭᠠᠨ ᠬᠥᠭᠵᠢᠯ  ᠤᠨ ᠪᠣᠳᠤᠯᠭ᠎ᠠ ᠵᠢ ᠳᠡᠮᠵᠢᠬᠦ ᠵᠤᠷᠢᠯᠭ᠎ᠠ ᠲᠠᠢ ᠶᠤᠮ ᠃ ᠢᠷᠡᠭᠡᠳᠦᠢ ᠳ᠋ᠦ ᠡ‍ᠨᠡ ᠦᠢᠯᠡ ᠠᠵᠢᠯᠯᠠᠭ᠎ᠠ ᠵᠤᠷᠰᠢᠯ ᠪᠣᠯᠤᠭᠠᠰᠠᠢ ᠭᠡᠵᠦ ᠬᠦᠰᠡᠵᠦ ᠪᠠᠢᠢᠨ᠎ᠠ ᠃ ᠪᠢᠳᠠᠨ ᠪ ᠲᠠᠷᠢᠭᠰᠠᠨ ᠮᠤᠳᠣ ᠬᠤᠶᠠᠷ ᠣᠷᠤᠨ ᠪ ᠣᠯᠠᠨ ᠵᠠᠭᠤᠨ ᠵᠢᠯ  ᠤᠨ ᠬᠠᠷᠢᠯᠴᠠᠭ᠎ᠠ ᠂ ᠢᠷᠡᠭᠡᠳᠦᠢ ᠵᠢᠨ ᠲᠦᠩᠰᠢᠯᠡᠯ  ᠤᠨ ᠬᠠᠮᠲᠤ ᠵᠢᠨ ᠬᠠᠷᠢᠯᠴᠠᠭ᠎ᠠ ᠵᠢ ᠲᠥᠯᠦᠭᠡᠯᠡᠵᠦ ᠪᠠᠢᠢᠬᠤ ᠪᠣᠯᠲᠤᠭᠠᠢ ᠬᠡᠮᠡᠨ ᠢᠷᠦᠭᠡᠯ᠎ᠡ ᠃

ᠮᠤᠳᠣ ᠲᠠᠷᠢᠬᠤ ᠳᠤ ᠮᠤᠩᠭᠤᠯ  ᠤᠨ ᠪᠤᠷᠬᠠᠨ ᠪ ᠱᠠᠰᠢᠨᠲᠠᠨ ᠪ ᠲᠥᠪ ᠭᠠᠨᠳᠠᠨ ᠳᠡᠭᠴᠢᠨᠯᠡᠩ ᠬᠡᠢᠢᠳ ᠂ ᠵᠡᠭᠦᠨ ᠬᠦᠷᠢᠶ᠎ᠡ ᠳᠠᠰᠢᠴᠤᠢᠢᠯᠢᠨ ᠬᠡᠢᠢᠳ ᠂ ᠪᠠᠺᠤᠯᠠ ᠷᠢᠮᠪᠤᠴ ᠤᠨ ᠪᠸᠲ᠋ᠦᠪ ᠬᠡᠢᠢᠳ ᠦᠨ ᠲᠥᠯᠦᠭᠡᠯᠡᠯ ᠪᠣᠯᠤᠨ ᠮᠤᠩᠭᠤᠯ ᠤᠯᠤᠰ ᠲᠤ ᠠᠮᠢᠳᠤᠷᠠᠵᠤ ᠪᠠᠢᠢᠭ᠎ᠠ ᠡᠨᠡᠳᠬᠡᠭ ᠦᠨ ᠢᠷᠭᠡᠳ ᠣᠷᠤᠯᠴᠠᠯ᠎ᠠ ᠃

ᠰᠡᠳᠬᠢᠭᠳᠡᠯ ᠦᠯᠡᠳᠡᠭᠡᠬᠦ