ᠲᠥᠪ ᠠᠽᠢᠶ᠎ᠠ ᠵᠢᠨ ᠣᠷᠤᠨ ᠨᠤᠭᠤᠳ  ᠤᠨ ᠴᠠᠬᠢᠮ ᠬᠡᠯᠡᠯᠴᠡᠭᠦᠯᠭᠡ ᠪᠣᠯᠤᠯ᠎ᠠ | News.MN

ᠲᠥᠪ ᠠᠽᠢᠶ᠎ᠠ ᠵᠢᠨ ᠣᠷᠤᠨ ᠨᠤᠭᠤᠳ  ᠤᠨ ᠴᠠᠬᠢᠮ ᠬᠡᠯᠡᠯᠴᠡᠭᠦᠯᠭᠡ ᠪᠣᠯᠤᠯ᠎ᠠ

ᠭᠠᠳᠠᠭᠠᠳᠤ ᠬᠠᠷᠢᠯᠴᠠᠭᠠᠨ ᠪ ᠰᠠᠢᠢᠳ ᠳ᠋᠊·ᠴᠤᠭᠲᠤᠪᠠᠭᠠᠲᠤᠷ ᠡ‍ᠳ᠋  ᠤᠨ ᠵᠠᠰᠠᠭ  ᠤᠨ ᠬᠠᠮᠲᠤ ᠵᠢᠨ ᠠᠵᠢᠯᠯᠠᠭ᠎ᠠ ᠂ ᠬᠥᠭᠵᠢᠯ  ᠤᠨ ᠪᠠᠢᠢᠭᠤᠯᠭ᠎ᠠ ︵OECD︶ ᠡᠴᠠ 2020 ᠣᠨ ᠪ ᠵᠢᠷᠭᠤᠳᠤᠭᠠᠷ ᠰᠠᠷ᠎ᠠ ᠵᠢᠨ 10 ᠪ ᠡ‍ᠳᠦᠷ ᠵᠤᠬᠢᠶᠠᠨ ᠪᠠᠢᠢᠭᠤᠯᠤᠭᠰᠠᠨ ︽ᠲᠥᠪ ᠠᠽᠢᠶ᠎ᠠ ᠵᠢᠨ ᠣᠷᠤᠨ ᠨᠤᠭᠤᠳ  ᠤᠨ ᠬᠤᠪᠢ ᠵᠢᠨ ᠬᠡᠪᠰᠢᠯ  ᠤᠨ ᠰᠡᠷᠭᠦᠯᠲᠡ ᠵᠢ ᠳᠡᠮᠵᠢᠬᠦ ᠨᠢ︾ᠰᠡᠳᠦᠪᠲᠦ ᠰᠠᠢᠢᠳ ᠨᠠᠷ  ᠤᠨ ᠲᠦᠪᠰᠢᠨ ᠪ ᠣᠩᠯᠠᠢᠢᠨ ᠬᠡᠯᠡᠯᠴᠡᠭᠦᠯᠭᠡ ᠳ᠋ᠤ ᠣᠷᠤᠯᠴᠠᠪᠠ ᠃ ᠬᠡᠯᠡᠯᠴᠡᠭᠦᠯᠭᠡ ᠳ᠋ᠤ ᠠᠹᠭᠠᠨᠢᠰᠲ᠋ᠠᠨ᠂ ᠺᠢᠷᠭᠢᠰᠲ᠋ᠠᠨ ᠂ ᠺᠠᠽᠠᠭᠰᠲ᠋ᠠᠨ ᠂ ᠲᠠᠵᠢᠺᠰᠲ᠋ᠠᠨ᠂ ᠲᠦᠷᠺᠮᠸᠨᠢᠰᠲ᠋ᠠᠨ ᠂ ᠦᠽᠪᠧᠺᠰᠲ᠋ᠠᠨ ᠪ ᠬᠤᠳᠠᠯᠳᠤᠭ᠎ᠠ ᠂ ᠬᠥᠷᠦᠩᠭᠡ ᠣᠷᠤᠭᠤᠯᠤᠯᠲᠠ ᠂ ᠡ‍ᠳ᠋  ᠤᠨ ᠵᠠᠰᠠᠭ  ᠤᠨ ᠠᠰᠠᠭᠤᠳᠠᠯ ᠬᠠᠷᠢᠭᠤᠴᠠᠭᠰᠠᠨ ᠰᠠᠢᠢᠳ ᠂ ᠳᠡᠳ᠋ ᠰᠠᠢᠢᠳ ᠨᠠᠷ ᠪᠣᠯᠤᠨ ᠡ‍ᠳ᠋  ᠤᠨ ᠵᠠᠰᠠᠭ  ᠤᠨ ᠬᠠᠮᠲᠤ ᠵᠢᠨ ᠠᠵᠢᠯᠯᠠᠭ᠎ᠠ ᠂ ᠬᠥᠭᠵᠢᠯ  ᠤᠨ ᠪᠠᠢᠢᠭᠤᠯᠭ᠎ᠠ ᠂ ᠡ‍ᠸᠦᠷᠦᠫᠡ ᠵᠢᠨ ᠬᠤᠯᠪᠣᠭ᠎ᠠ ᠂ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠡᠸᠦ᠋ᠷᠦᠫᠡ ᠵᠢᠨ ᠡ‍ᠳ᠋  ᠤᠨ ᠵᠠᠰᠠᠭ  ᠤᠨ ᠵᠥᠪᠯᠡᠯ  ᠤᠨ ᠬᠤᠯᠪᠣᠭᠳᠠᠬᠤ ᠠᠯᠪᠠᠨ  ᠲᠤᠰᠢᠶᠠᠯᠲᠠᠳ ᠣᠷᠤᠯᠴᠠᠵᠤ ᠂  ᠺᠤᠸᠢᠳ᠋ – 19 ᠴᠠᠷ᠎ᠠ ᠲᠠᠬᠤᠯ  ᠤᠨ ᠤᠯᠠᠮ ᠡᠴᠠ ᠤᠯᠤᠰ ᠣᠷᠤᠨ ᠨᠤᠭᠤᠳ  ᠤᠨ ᠨᠡᠢᠢᠭᠡᠮ ᠂ ᠡ‍ᠳ᠋  ᠤᠨ ᠵᠠᠰᠠᠭ  ᠤᠨ ᠬᠥᠭᠵᠢᠯ ᠂ ᠭᠠᠳᠠᠭᠠᠳᠤ ᠬᠤᠳᠠᠯᠳᠤᠭ᠎ᠠ ᠂ ᠡ‍ᠳ᠋  ᠤᠨ ᠵᠠᠰᠠᠭ  ᠤᠨ ᠬᠠᠮᠲᠤ ᠵᠢᠨ ᠠᠵᠢᠯᠯᠠᠭᠠᠨ ᠳᠤ ᠲᠤᠯᠭᠠᠷᠠᠵᠤ ᠪᠤᠢ ᠪᠡᠷᠬᠡᠰᠢᠶᠡᠯ ᠊ᠢ ᠳᠠᠪᠠᠨ ᠲᠤᠭᠤᠯᠬᠤ ᠠᠷᠭ᠎ᠠ ᠵᠠᠮ ᠂ ᠪᠦᠰᠡ ᠨᠤᠲᠤᠭ  ᠤᠨ ᠣᠷᠤᠨ ᠨᠤᠭᠤᠳ  ᠤᠨ ᠰᠠᠢᠢᠨ ᠲᠤᠷᠰᠢᠯᠭ᠎ᠠ ᠵᠢᠨ ᠲᠠᠯ᠎ᠠ ᠪᠡᠷ ᠰᠠᠨᠠᠯ ᠂ ᠮᠡᠳᠡᠭᠡᠯᠡᠯ ᠰᠤᠯᠢᠯᠴᠠᠪᠠ ᠃

ᠭᠠᠳᠠᠭᠠᠳᠤ ᠬᠠᠷᠢᠯᠴᠠᠭᠠᠨ ᠪ ᠰᠠᠢᠢᠳ ᠳ᠋᠊·ᠴᠤᠭᠲᠤᠪᠠᠭᠠᠲᠤᠷ ᠮᠤᠩᠭᠤᠯ ᠤᠯᠤᠰ  ᠤᠨ ᠶᠡᠬᠡ ᠬᠤᠷᠠᠯ ᠂ ᠵᠠᠰᠠᠭ  ᠤᠨ ᠭᠠᠵᠠᠷ ᠡᠴᠠ  ᠺᠤᠸᠢᠳ᠋ – 19 ᠴᠠᠷ᠎ᠠ ᠲᠠᠬᠤᠯ  ᠤᠨ ᠰᠥᠷᠬᠦ ᠨᠥᠯᠦᠭᠡ ᠵᠢ ᠪᠠᠭᠤᠷᠠᠭᠤᠯᠬᠤ ᠬᠦᠷᠢᠶᠡᠨ ᠳ᠋ᠦ ᠪᠢᠽᠢᠨᠧᠰ ᠡ‍ᠷᠬᠢᠯᠡᠭᠴᠢᠳ ᠊ᠢ ᠳᠡᠮᠵᠢᠬᠦ ᠂ ᠠᠷᠠᠳ ᠢᠷᠭᠡᠳ  ᠦᠨ ᠡ‍ᠷᠡᠭᠦᠯ ᠮᠡᠨᠳᠦ ᠂  ᠠᠶᠤᠯᠭᠦᠢ ᠪᠠᠢᠢᠳᠠᠯ ᠊ᠢ ᠬᠠᠩᠭᠠᠬᠤ ᠴᠢᠭᠯᠡᠯ ᠵᠢᠨᠷ ᠠᠪᠴᠤ ᠬᠡᠷᠡᠭᠵᠢᠭᠦᠯᠵᠦ ᠪᠤᠢ ᠪᠣᠳᠤᠯᠭ᠎ᠠ ᠂ ᠦᠢᠯᠡ ᠠᠵᠢᠯᠯᠠᠭᠠᠨ ᠪ ᠲᠠᠯ᠎ᠠ ᠪᠡᠷ ᠳᠡᠯᠭᠡᠷᠡᠩᠭᠦᠢ ᠲᠠᠨᠢᠯᠴᠠᠭᠤᠯᠪᠠ ᠃

ᠰᠡᠳᠬᠢᠭᠳᠡᠯ ᠦᠯᠡᠳᠡᠭᠡᠬᠦ