ᠲᠤᠪᠠ ᠤᠯᠤᠰ ᠲᠤ ᠲᠤᠰᠠᠯᠠᠮᠵᠢ ᠬᠦᠷᠭᠡᠭᠦᠯᠦᠯ᠎ᠡ | News.MN

ᠲᠤᠪᠠ ᠤᠯᠤᠰ ᠲᠤ ᠲᠤᠰᠠᠯᠠᠮᠵᠢ ᠬᠦᠷᠭᠡᠭᠦᠯᠦᠯ᠎ᠡ

ᠮᠤᠩᠭᠤᠯ  ᠤᠨ ᠡ‍ᠮᠡᠭᠲᠡᠢᠢᠴᠦᠳ  ᠤᠨ ᠬᠤᠯᠪᠣᠭᠠᠨ ᠪ ᠤᠪᠰᠤ ᠠᠢᠢᠮᠠᠭ ᠲᠠᠬᠢ ᠰᠠᠯᠪᠤᠷᠢ ᠵᠥᠪᠯᠡᠯ ᠡ‍ᠴᠡ ᠣᠷᠤᠰ  ᠤᠨ ᠲᠤᠪᠠ ᠤᠯᠤᠰ ᠲᠤ ᠲᠤᠰᠠᠯᠠᠬᠤ ︽ᠮᠥᠩᠬᠡ ᠵᠢᠨ ᠬᠥᠷᠰᠢ ᠳ᠋ᠦ ᠪᠡᠨ ᠲᠤᠰᠠᠯᠠᠶ᠎ᠠ︾ᠬᠠᠨᠳᠢᠪ  ᠤᠨ ᠠᠶᠠᠨ ᠊ᠢ ᠥᠷᠨᠢᠭᠦᠯᠵᠦ ᠳᠠᠭᠤᠰᠤᠯ᠎ᠠ ᠃ ᠡ‍ᠨᠡ ᠬᠦ ᠠᠶᠠᠨ ᠳ᠋ᠤ ᠤᠪᠰᠤ ᠠᠢᠢᠮᠠᠭ  ᠤᠨ 275 ᠬᠤᠪᠢ ᠬᠥᠮᠦᠨ ᠂  ᠠᠷᠠᠯᠵᠢᠶ᠎ᠠ ᠡ‍ᠷᠬᠢᠯᠡᠭᠴᠢᠳ ᠂ 60 ᠭᠠᠷᠤᠢ ᠲᠥᠷᠦ ᠵᠢᠨ ᠪᠠᠢᠢᠭᠤᠯᠭ᠎ᠠ ᠂ ᠠᠵᠤ ᠠᠬᠤᠢ ᠵᠢᠨ ᠨᠢᠭᠡᠴᠢ ᠨᠦᠭᠥᠳ ᠣᠷᠤᠯᠴᠠᠵᠤ ᠂ 35.8 ᠰᠠᠶ᠎ᠠ ᠲᠥᠭᠥᠷᠢᠭ  ᠤᠨ ᠬᠠᠨᠳᠢᠪ ᠴᠤᠭᠯᠠᠭᠤᠯᠤᠭᠰᠠᠨ ᠪᠠᠢᠢᠨ᠎ᠠ ᠃

ᠡ‍ᠭᠦᠨ ᠡ‍ᠴᠡ ᠲᠤᠪᠠ ᠤᠯᠤᠰ  ᠤᠨ ᠠᠷᠠᠳ ᠢᠷᠭᠡᠳ ᠂ ᠡ‍ᠮᠴᠢ ᠨᠠᠷ ᠲᠤ ᠰᠢᠨ᠎ᠡ ᠺᠣᠷᠤᠨᠠ ᠸᠢᠷᠦᠰ  ᠤᠨ ᠬᠠᠯᠳᠠᠪᠤᠷᠢ ᠲᠠᠢ ᠲᠡᠮᠡᠴᠡᠬᠦ ᠳ᠋ᠦ ᠵᠤᠷᠢᠭᠤᠯᠵᠤ᠂ ᠡ‍ᠮᠨᠡᠯᠭᠡ ᠵᠢᠨ ᠱᠠᠭᠠᠷᠳᠠᠯᠭ᠎ᠠ ᠲᠠᠢ ᠮᠠᠲ᠋ᠧᠷᠢᠶᠠᠯ ᠦᠳ ᠪᠣᠯᠬᠤ ᠨᠢᠭᠡ ᠤᠳᠠᠭᠠᠨ ᠪ ᠠᠮᠠᠨ ᠪ ᠬᠠᠭᠠᠯᠲᠠ᠂ ᠪᠡᠭᠡᠯᠡᠢ᠂ ᠱᠦᠭᠦᠯᠲᠦᠭᠦᠷ ᠲᠡᠢ ᠠᠮᠠᠨ ᠪ ᠬᠠᠭᠠᠯᠲᠠ ᠂ ᠬᠠᠮᠠᠭᠠᠯᠠᠯᠲᠠ ᠵᠢᠨ ᠬᠤᠪᠴᠠᠰᠤ ᠵᠡᠷᠭᠡ ᠵᠢ ᠬᠤᠳᠠᠯᠳᠤᠨ ᠠᠪᠬᠤ  ᠳᠦ12.5 ᠰᠠᠶ᠎ᠠ ᠲᠥᠭᠥᠷᠢᠭ ᠵᠠᠷᠤᠴᠠᠭᠤᠯᠵᠠᠢ ᠃ ᠮᠥᠨ 23 ᠰᠠᠶ᠎ᠠ ᠲᠥᠭᠥᠷᠢᠭ ᠊ᠢ ᠪᠡᠯᠡᠨ ᠵᠢᠨᠷ︵8000 ᠳ᠋ᠤᠯᠯᠠᠷ ᠂ 12000 ᠷᠦᠪᠯᠢ ︶ᠬᠦᠷᠭᠡᠭᠦᠯᠦᠭᠰᠡᠨ ᠊ᠢ ᠡ‍ᠨᠡ ᠰᠠᠷ᠎ᠠ ᠵᠢᠨ 9 ᠪ ᠡ‍ᠳᠦᠷ ᠮᠤᠩᠭᠤᠯ ᠤᠯᠤᠰ ᠡᠴᠠ ᠣᠷᠤᠰ  ᠦᠨ  ᠺᠢᠽᠢᠯ ᠬᠤᠲᠠ ᠳᠦ ᠰᠠᠭᠤᠭ᠎ᠠ ᠶᠡᠷᠦᠩᠬᠡᠢ ᠺᠤᠨᠰᠦ᠋ᠯ ᠴ᠊·ᠭᠠᠩᠪᠣᠯᠤᠳ ᠲᠤᠪᠠ ᠤᠯᠤᠰ  ᠤᠨ ᠵᠠᠰᠠᠭ  ᠤᠨ ᠭᠠᠵᠠᠷ  ᠤᠨ ᠲᠡᠷᠢᠭᠦᠨ ᠪ ᠨᠢᠭᠡᠳᠦᠭᠡᠷ ᠣᠷᠤᠯᠠᠭᠴᠢ ᠠ᠊·ᠸ᠊·ᠪᠷᠤᠺᠸᠷ ᠪᠣᠯᠤᠨ ᠲᠤᠪᠠ ᠤᠯᠤᠰ  ᠤᠨ ᠡᠷᠡᠭᠦᠯ ᠮᠡᠨᠳᠦ ᠶᠢᠨ ᠶᠠᠮᠤᠨ ᠳ᠋ᠦ ᠬᠦᠯᠢᠶᠡᠯᠭᠡᠨ ᠥᠭᠭᠦᠭᠰᠡᠨ ᠪᠠᠢᠢᠨ᠎ᠠ ᠃

ᠰᠡᠳᠬᠢᠭᠳᠡᠯ ᠦᠯᠡᠳᠡᠭᠡᠬᠦ