ᠤᠯᠤᠰ ᠂ ᠠᠢᠢᠮᠠᠭ ᠂ ᠰᠤᠮᠤᠳ ᠤᠨ ᠨᠠᠭᠠᠳᠤᠮ ᠢ ᠨᠢᠭᠡᠨ ᠵᠡᠷᠭᠡ ᠵᠤᠬᠢᠶᠠᠨ ᠪᠠᠢᠢᠭᠤᠯᠤᠨ᠎ᠠ | News.MN

ᠤᠯᠤᠰ ᠂ ᠠᠢᠢᠮᠠᠭ ᠂ ᠰᠤᠮᠤᠳ ᠤᠨ ᠨᠠᠭᠠᠳᠤᠮ ᠢ ᠨᠢᠭᠡᠨ ᠵᠡᠷᠭᠡ ᠵᠤᠬᠢᠶᠠᠨ ᠪᠠᠢᠢᠭᠤᠯᠤᠨ᠎ᠠ

ᠦᠨᠳᠦᠰᠦᠨ ᠪ ᠶᠡᠬᠡ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠺᠣᠮᠢᠰ ᠥᠩᠭᠡᠷᠡᠭᠰᠡᠨ ᠰᠠᠷ᠎ᠠ  ᠳᠦ ᠬᠤᠷᠠᠯᠳᠤᠵᠤ᠂ ᠨᠠᠭᠠᠳᠤᠮ ᠊ᠢ ᠬᠥᠯ ᠬᠥᠳᠡᠯᠭᠡᠭᠡᠨ ᠂ ᠪᠥᠭᠡᠮᠨᠡᠷᠡᠯ ᠡ‍ᠭᠦᠰᠬᠡᠬᠦ ᠦᠭᠡᠢ ᠪᠡᠷ ᠵᠤᠬᠢᠶᠠᠨ ᠪᠠᠢᠢᠭᠤᠯᠬᠤ ᠰᠢᠢᠳᠪᠦᠷᠢ ᠭᠠᠷᠭᠠᠭᠰᠠᠨ ᠃ ‪ ᠪᠥᠬᠡ ᠵᠢᠨ ᠪᠠᠷᠢᠯᠳᠤᠭᠠᠨ ᠂ ᠬᠤᠷᠳᠤᠨ ᠮᠤᠷᠢᠳ  ᠦᠨ ᠤᠷᠤᠯᠳᠤᠭᠠᠨ ᠂ ᠰᠤᠷ ᠬᠠᠷᠪᠤᠭ᠎ᠠ ᠵᠢ ᠲᠧᠯᠸᠢᠰ ᠪᠣᠯᠤᠨ ᠴᠠᠬᠢᠮ ᠣᠷᠴᠢᠨ ᠵᠢᠨᠷ ᠳᠠᠮᠵᠢᠭᠤᠯᠤᠨ ᠣᠯᠠᠨ ᠲᠦᠮᠡᠨ ᠳ᠋ᠦ ᠲᠦᠭᠡᠭᠡᠬᠦ ᠪᠡᠷ ᠲᠥᠯᠦᠪᠯᠡᠭᠡᠳ ᠪᠠᠢᠢᠭ᠎ᠠ ᠶᠤᠮ ᠃

ᠮᠥᠨ ᠤᠯᠤᠰ ᠂ ᠠᠢᠢᠮᠠᠭ ᠂ ᠰᠤᠮᠤᠳ  ᠤᠨ ᠨᠠᠭᠠᠳᠤᠮ ᠊ᠢ ᠳᠤᠯᠤᠳᠤᠭᠠᠷ ᠰᠠᠷ᠎ᠠ ᠵᠢᠨ 11 ᠂ 12᠎ ᠳ᠋ᠦ ᠨᠢᠭᠡᠨ ᠵᠡᠷᠭᠡ ᠵᠤᠬᠢᠶᠠᠨ ᠪᠠᠢᠢᠭᠤᠯᠬᠤ ᠰᠢᠢᠳᠪᠦᠷᠢ ᠭᠠᠷᠭᠠᠵᠠᠢ ᠃ ᠲᠡᠭᠦᠨᠴᠢᠯᠡᠨ ᠤᠯᠤᠰ ᠂ ᠠᠢᠢᠮᠠᠭ ᠂ ᠰᠤᠮᠤ ᠵᠢᠨ ᠨᠠᠭᠠᠳᠤᠮ ᠳᠤ ᠪᠠᠷᠢᠯᠳᠤᠭᠤᠯᠬᠤ ᠪᠦᠬᠡᠴᠢᠳ ᠦᠨ ᠲᠤᠭ᠎ᠠ ᠵᠢ ᠵᠢᠭᠠᠵᠤ ᠥᠭᠭᠦᠭᠰᠡᠨ ᠪᠠᠢᠢᠨ᠎ᠠ ᠃ ᠲᠤᠳᠤᠷᠠᠭᠤᠯᠪᠠᠯ ᠂ ᠤᠯᠤᠰ  ᠤᠨ ᠨᠠᠭᠠᠳᠤᠮ ᠳᠤ 512 ᠂ ᠠᠢᠢᠮᠠᠭ  ᠤᠨ ᠨᠠᠭᠠᠳᠤᠮ  ᠳᠤ 128 ᠂ ᠰᠤᠮᠤᠳ  ᠤᠨ ᠨᠠᠭᠠᠳᠤᠮ  ᠳᠤ 64᠎ ᠡ‍ᠴᠡ ᠢᠯᠡᠭᠦᠦ ᠪᠥᠬᠡ  ᠪᠠᠷᠢᠯᠳᠤᠭᠤᠯᠬᠤ ᠶᠢ ᠬᠤᠷᠢᠭᠯᠠᠵᠠᠢ ᠃ ᠡ‍ᠭᠦᠨ ᠲᠠᠢ ᠬᠤᠯᠪᠣᠭᠳᠠᠭᠤᠯᠤᠨ ᠮᠤᠩᠭᠤᠯ  ᠤᠨ ᠦᠨᠳᠦᠰᠦᠨ ᠪ ᠪᠥᠬᠡ ᠵᠢᠨ ᠬᠤᠯᠪᠣᠭᠠᠨ ᠡᠴᠠ ᠵᠥᠪᠯᠡᠮᠵᠢ ᠭᠠᠷᠭᠠᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ