ᠪ᠊·ᠮᠥᠩᠬᠡᠪᠣᠯᠤᠳ ᠄  ᠰᠢᠲᠠᠷ᠎ᠠ ᠨᠠᠮ᠎ᠠ ᠵᠢ ᠪᠦᠲᠦᠭᠡᠯ ᠲᠤᠭᠤᠷᠪᠢᠬᠤ ᠲᠡᠪᠴᠢᠶᠡᠷᠢ ᠳᠦ ᠰᠤᠷᠭᠠᠭᠰᠠᠨ | News.MN

ᠪ᠊·ᠮᠥᠩᠬᠡᠪᠣᠯᠤᠳ ᠄  ᠰᠢᠲᠠᠷ᠎ᠠ ᠨᠠᠮ᠎ᠠ ᠵᠢ ᠪᠦᠲᠦᠭᠡᠯ ᠲᠤᠭᠤᠷᠪᠢᠬᠤ ᠲᠡᠪᠴᠢᠶᠡᠷᠢ ᠳᠦ ᠰᠤᠷᠭᠠᠭᠰᠠᠨ

 

ᠲᠥᠷᠦ ᠵᠢᠨ ᠰᠤᠶᠤᠷᠬᠠᠯᠲᠤ ᠂ ᠬᠥᠭᠵᠢᠮ  ᠤᠨ ᠵᠤᠬᠢᠶᠠᠯᠴᠢ ᠪ᠊ · ᠮᠦᠩᠬᠡᠪᠤᠯᠤᠳ ᠢ ᠠᠪᠤ ᠵᠢᠨ ᠵᠢᠨᠨ  ᠠᠪᠢᠶᠠᠰ  ᠢ ᠦᠪᠯᠡᠭᠰᠡᠨ ᠤᠷᠠᠨ ᠪᠦᠲᠦᠭᠡᠯᠴᠢ ᠬᠡᠮᠡᠨ ᠤᠷᠠᠯᠢᠭ  ᠤᠨ ᠬᠢᠨ ᠦᠨᠡᠯᠡᠳᠡᠭ ᠃ ᠰᠤᠩᠭᠤᠳᠠᠭ ᠬᠥᠭᠵᠢᠮ  ᠤᠨ ᠶᠢᠷᠲᠢᠨᠴᠦ ᠳ᠋ᠦ ᠥᠪᠡᠷ  ᠤᠨ ᠮᠥᠷ ᠵᠢᠨᠨ ᠲᠤᠳᠣ ᠭᠠᠷᠭᠠᠭᠰᠠᠨ ᠲᠡᠭᠦᠨ ᠊ᠢ ︽ᠵᠥᠪᠬᠡᠨ ᠰᠫᠣᠷᠲ  ᠤᠨ ᠲᠤᠬᠠᠢ︾ᠪᠤᠯᠤᠩ ᠳ᠋ᠤ ᠪᠠᠨ ᠣᠨᠴᠠᠯᠠᠯ᠎ᠠ ᠃

– ᠲᠠ ᠬᠡᠦᠬᠡᠳ ᠪᠠᠢᠢᠬᠤ ᠡᠴᠠ ᠪᠠᠨ ᠣᠶᠤᠨ ᠪ ᠰᠫᠣᠷᠲ ᠵᠢᠨᠷ ᠬᠢᠴᠢᠶᠡᠯᠯᠡᠭᠰᠡᠨ ᠭᠡᠳᠡᠭ ᠃ ᠰᠢᠲᠠᠷ᠎ᠠ ᠠᠩᠬ᠎ᠠ ᠲᠤᠭᠯᠠᠵᠤ ᠰᠤᠷᠤᠭᠰᠠᠨ ᠵᠢᠨᠨ ᠰᠤᠨᠢᠷᠬᠠᠭᠤᠯᠵᠤ ᠶᠠᠷᠢᠭᠠᠴᠢ ︖

– ᠪᠢ ᠰᠢᠲᠠᠷ᠎ᠠ ᠲᠤᠭᠯᠠᠬᠤ ᠵᠢ ᠬᠡᠨ ᠨᠢᠭᠡᠨ ᠵᠢᠨᠷ ᠵᠢᠭᠠᠯᠭᠠᠭᠰᠠᠨ ᠦᠭᠡᠢ ᠃ ᠮᠠᠨ ᠪ ᠪᠠᠢᠢᠷᠢᠨ ᠪ ᠪᠤᠭᠤᠷᠤᠯ ᠤᠳ ᠵᠤᠨ ᠭᠠᠳᠠᠭ᠎ᠠ ᠨᠠᠷᠠᠯᠠᠵᠤ ᠂ ᠥᠪᠡᠷ ᠬᠤᠭᠤᠷᠤᠨᠳᠤ ᠪᠠᠨ ᠰᠢᠲᠠᠷ᠎ᠠ ᠨᠡᠭᠦᠵᠦ ᠥᠨᠵᠢᠳᠡᠭ ᠪᠠᠢᠢᠪᠠ ᠃ ᠲᠡᠳᠡᠨ ᠪ ᠲᠤᠭᠯᠠᠬᠤ ᠵᠢ ᠬᠠᠷᠠᠭᠰᠠᠭᠠᠷ ᠪᠠᠢᠢᠭᠠᠳ ᠰᠤᠷᠤᠭᠰᠠᠨ ᠃ ᠦᠶ᠎ᠡ ᠵᠢᠨ ᠬᠢᠨ ᠲᠡᠢ ᠪᠡᠨ ᠰᠢᠲᠠᠷ᠎ᠠ ᠨᠡᠭᠦᠵᠦ ᠂ ᠡ‍ᠬᠢᠯᠡᠭᠡᠳ ᠬᠤᠵᠢᠭᠳᠠᠳᠠᠭ ᠪᠠᠢᠢᠭᠰᠠᠨ ᠪᠣᠯ ᠰᠡᠭᠦᠯ ᠳ᠋ᠦ ᠪᠡᠨ ᠬᠤᠵᠢᠳᠠᠭ ᠪᠣᠯᠪᠠ ᠃ ᠨᠠᠮ᠎ᠠ ᠵᠢ ᠰᠢᠲᠠᠷ᠎ᠠ ᠳ᠋ᠤ ᠰᠠᠢᠢᠨ ᠲᠤᠭᠯᠠᠳᠠᠭ ᠪᠣᠯᠤᠭᠰᠠᠨ ᠊ᠢ ᠮᠡᠳᠡᠭᠰᠡᠨ ᠪᠠᠢᠢᠷᠢᠨ ᠪ ᠠᠬ᠎ᠠ ᠨᠠᠷ ᠬᠤᠵᠢᠨ᠎ᠠ ᠭᠡᠵᠦ ᠨᠡᠭᠦᠭᠡᠳ ᠬᠤᠵᠢᠭᠳᠠᠴᠢᠬᠠᠳᠠᠭ ᠪᠠᠢᠢᠯ᠎ᠠ ᠃ ᠲᠤᠭᠯᠠᠬᠤ ᠲᠤᠰᠤᠮ ᠤᠷᠮ᠎ᠠ ᠣᠷᠤᠵᠤ ᠂ ᠵᠡᠷᠭᠡᠯᠡᠳᠡᠭᠡᠬᠢ ᠪᠠᠢᠢᠷᠢᠨ ᠪ ᠬᠡᠦᠬᠡᠳ ᠤᠳ ᠲᠡᠢ ᠬᠥᠯᠭᠡ ᠳᠡᠭᠡᠷ᠎ᠡ ᠲᠤᠯᠤᠭᠠᠨ ᠥᠷᠨᠢᠭᠦᠯᠵᠦ ᠂ ᠢᠯᠠᠳᠠᠭ ᠪᠣᠯᠵᠤ ᠪᠢᠯᠡ ᠃

– ᠰᠢᠲᠠᠷ᠎ᠠ ᠲᠤᠭᠯᠠᠳᠠᠭ ᠪᠠᠢᠢᠭᠰᠠᠨ ᠲᠠᠨᠢ ᠬᠤᠵᠢᠮ ᠤᠷᠠᠨ ᠪᠦᠲᠦᠭᠡᠯ ᠲᠤᠭᠤᠷᠪᠢᠬᠤ ᠳ᠋ᠤ ᠨᠥᠯᠦᠭᠡᠯᠡᠪᠡ ᠦᠦ ︖

–  ᠲᠡᠭᠡᠯᠭᠦᠢ ᠶᠠᠭᠠᠬᠢᠬᠤ ᠪᠤᠢ ᠃ ᠣᠶᠤᠨ ᠪ ᠰᠫᠣᠷᠲ ᠵᠢᠨᠷ ᠬᠢᠴᠢᠶᠡᠯᠯᠡᠬᠦ ᠳ᠋ᠦ ᠠᠩᠬᠠᠷᠤᠯ ᠲᠥᠪᠯᠡᠷᠡᠵᠦ ᠂ ᠵᠥᠪ ᠰᠠᠭᠤᠵᠤ ᠰᠤᠷᠳᠠᠭ ᠃ ᠨᠠᠮᠠᠶᠢ ᠲᠡᠭᠦᠯᠳᠡᠷ ᠬᠤᠭᠤᠷ ᠲᠤᠭᠯᠠᠵᠤ ᠰᠤᠷᠬᠤ ᠳᠤ ᠰᠢᠲᠠᠷ᠎ᠠ ᠲᠤᠳᠤᠷᠬᠠᠢ ᠬᠡᠮᠵᠢᠶ᠎ᠡ ᠪᠡᠷ ᠨᠥᠯᠦᠭᠡᠯᠡᠭᠰᠡᠨ ᠃ ᠬᠥᠭᠵᠢᠮ  ᠤᠨ ᠬᠢᠴᠢᠶᠡᠯ ᠂ ᠰᠫᠣᠷᠲ ᠤᠨ ᠠᠯᠢ ᠠᠯᠢ ᠨᠢ ᠬᠥᠮᠦᠨ ᠊ᠢ ᠲᠡᠪᠴᠢᠶᠡᠷᠢ ᠂ ᠬᠠᠲᠠᠭᠤᠵᠢᠯᠲᠠᠢ ᠪᠣᠯᠭᠠᠳᠠᠭ ᠶᠤᠮ ᠰᠢᠦ ᠳ᠋ᠡ ᠃ ᠨᠢᠭᠡ ᠦᠭᠡ ᠪᠡᠷ ᠬᠡᠯᠡᠪᠡᠯ ᠂ ᠰᠢᠲᠠᠷ᠎ᠠ ᠨᠠᠮ᠎ᠠ ᠵᠢ ᠣᠯᠠᠨ ᠴᠠᠭ ᠵᠢᠨᠷ ᠰᠠᠭᠤᠵᠤ ᠂ ᠪᠦᠲᠦᠭᠡᠯ ᠲᠤᠭᠤᠷᠪᠢᠬᠤ  ᠲᠡᠪᠴᠢᠶᠡᠷᠢ ᠳᠦ ᠰᠤᠷᠭᠠᠭᠰᠠᠨ ᠃ ᠪᠢ ᠡ‍ᠪᠦᠯ  ᠤᠨ ᠰᠫᠣᠷᠲ ᠡᠴᠠ ᠤᠷᠠᠨ ᠭᠤᠯᠭᠤᠯᠲᠠ ᠂ ᠲᠡᠰᠢᠭᠦᠷ ᠂  ᠬᠤᠺᠺᠸᠢ ᠦᠵᠡᠬᠦ ᠳᠤᠷᠠᠲᠠᠢ ᠃ ᠬᠠᠷᠢᠨ ᠵᠤᠨ ᠪ ᠤᠯᠠᠷᠢᠯ ᠳᠤ ᠬᠥᠯ ᠪᠥᠮᠪᠥᠭᠡ ᠂ ᠬᠥᠩᠭᠡᠨ ᠠᠲ᠋ᠯᠸᠲ᠋ᠢᠺ  ᠤᠨ ᠲᠡᠮᠡᠴᠡᠭᠡᠨ ᠰᠤᠨᠢᠷᠬᠠᠵᠤ ᠦᠵᠡᠳᠡᠭ ᠃

ᠰᠡᠳᠬᠢᠭᠳᠡᠯ ᠦᠯᠡᠳᠡᠭᠡᠬᠦ