︽ᠪᠣᠰᠤᠭ᠎ᠠ ᠪᠢᠴᠢᠭ ᠪᠢᠳᠠᠨ ᠪ ᠪᠠᠬᠠᠷᠬᠠᠯ︾ᠴᠠᠬᠢᠮ ᠤᠷᠤᠯᠳᠤᠭᠠᠨ ᠪ ᠰᠢᠯᠢᠳᠡᠭ  ᠤᠳ ᠊ᠢ ᠲᠤᠳᠤᠷᠠᠭᠤᠯᠤᠯ᠎ᠠ | News.MN

︽ᠪᠣᠰᠤᠭ᠎ᠠ ᠪᠢᠴᠢᠭ ᠪᠢᠳᠠᠨ ᠪ ᠪᠠᠬᠠᠷᠬᠠᠯ︾ᠴᠠᠬᠢᠮ ᠤᠷᠤᠯᠳᠤᠭᠠᠨ ᠪ ᠰᠢᠯᠢᠳᠡᠭ  ᠤᠳ ᠊ᠢ ᠲᠤᠳᠤᠷᠠᠭᠤᠯᠤᠯ᠎ᠠ

 

ᠳᠤᠷᠤᠨᠠᠭᠤᠪᠢ ᠠᠢᠢᠮᠠᠭ  ᠤᠨ ᠵᠠᠰᠠᠭ ᠳᠠᠷᠤᠭ᠎ᠠ ᠵᠢᠨ ᠲᠠᠮᠠᠭ᠎ᠠ ᠵᠢᠨ ᠭᠠᠵᠠᠷ᠂ ᠨᠠᠰᠤᠨ ᠲᠤᠷᠰᠢ ᠵᠢᠨ ᠪᠣᠯᠪᠠᠰᠤᠷᠠᠯ  ᠤᠨ ᠲᠥᠪ ᠡ‍ᠴᠡ ᠢᠷᠭᠡᠳ ᠂ ᠪᠠᠢᠢᠭᠤᠯᠭ᠎ᠠ ᠵᠢᠨ ᠳᠤᠮᠳᠠ ︽ᠪᠣᠰᠤᠭ᠎ᠠ ᠪᠢᠴᠢᠭ ᠪᠢᠳᠠᠨ ᠪ ᠪᠠᠬᠠᠷᠬᠠᠯ︾ᠴᠠᠬᠢᠮ ᠤᠷᠤᠯᠳᠤᠭᠠᠨ ᠵᠤᠬᠢᠶᠠᠨ ᠪᠠᠢᠢᠭᠤᠯᠵᠤ ᠰᠢᠯᠢᠳᠡᠭ  ᠤᠳ ᠊ᠢ ᠲᠤᠳᠤᠷᠠᠭᠤᠯᠤᠯ᠎ᠠ ᠃ ᠮᠤᠩᠭᠤᠯ ᠤᠯᠤᠰ  ᠤᠨ ᠶᠡᠷᠦᠩᠬᠡᠢᠢᠯᠡᠭᠴᠢ ᠵᠢᠨ ᠵᠠᠷᠯᠢᠭ ᠊ᠢ ᠬᠡᠷᠡᠭᠵᠢᠭᠦᠯᠬᠦ ᠂ ᠦᠨᠳᠦᠰᠦᠨ ᠪ ᠪᠢᠴᠢᠭ ᠰᠤᠶᠤᠯ ᠊ᠢ ᠳᠡᠯᠭᠡᠷᠡᠭᠦᠯᠬᠦ᠂ ᠪᠢᠴᠢᠭ ᠦᠰᠦᠭ  ᠤᠨ ᠪᠠᠶᠠᠷ ᠊ᠢ ᠲᠡᠮᠳᠡᠭᠯᠡᠬᠦ᠂ ᠪᠦᠬᠦ ᠨᠡᠢᠢᠲᠡ ᠵᠢᠨ ᠦᠨᠳᠦᠰᠦᠨ ᠪ ᠪᠢᠴᠢᠭ  ᠤᠨ ᠬᠡᠷᠡᠭᠯᠡᠭᠡ ᠵᠢ ᠳᠡᠭᠡᠭᠰᠢᠯᠡᠭᠦᠯᠬᠦ ᠵᠤᠷᠢᠯᠭ᠎ᠠ ᠵᠢᠨ ᠬᠦᠷᠢᠶᠡᠨ ᠳ᠋ᠦ ᠵᠤᠬᠢᠶᠠᠨ ᠪᠠᠢᠢᠭᠤᠯᠤᠭᠰᠠᠨ ᠤᠷᠤᠯᠳᠤᠭᠠᠨ ᠳᠤ 36 ᠪᠠᠢᠢᠭᠤᠯᠭ᠎ᠠ ᠵᠢᠨ 586 ᠪᠦᠲᠦᠭᠡᠯ ᠢᠷᠡᠭᠰᠡᠨ ᠪᠣᠯ ᠢᠷᠭᠡᠳ ᠡ‍ᠴᠡ 187 ᠪᠦᠲᠦᠭᠡᠯ ᠢᠷᠠᠵᠠᠢ ᠃

ᠪᠠᠢᠢᠭᠤᠯᠭ᠎ᠠ ᠵᠢᠨ ᠲᠥᠷᠦᠯ ᠳ᠋ᠦ ᠰᠠᠢᠨᠱᠠᠩᠳᠠ ᠰᠤᠮᠤ ᠵᠢᠨ 13 ᠳ᠋ᠤᠭᠠᠷ ᠴᠡᠴᠡᠷᠯᠢᠭ ᠲᠡᠷᠢᠭᠦᠨ ᠪᠠᠢᠢᠷᠢ ᠳᠤ ᠰᠢᠯᠭᠠᠷᠠᠭᠰᠠᠨ ᠪᠣᠯ ᠢᠷᠭᠡᠳ ᠡ‍ᠴᠡ ᠰᠠᠢᠨᠱᠠᠩᠳᠠ ᠰᠤᠮᠤ ᠵᠢᠨ ᠢᠷᠭᠡᠨ ᠴ᠊·ᠤᠶᠠᠩᠭ᠎ᠠ ᠲᠡᠷᠢᠭᠦᠨ ᠪᠠᠢᠢᠷᠢ ᠳᠤ ᠰᠢᠯᠭᠠᠷᠠᠵᠠᠢ᠃ ᠪᠠᠢᠢᠭᠤᠯᠭ᠎ᠠ ᠪᠣᠯᠤᠨ ᠢᠷᠭᠡᠳ ᠤᠨ ᠲᠥᠷᠦᠯ ᠳ᠋ᠦ ᠰᠢᠯᠭᠠᠷᠠᠭᠰᠠᠨ ᠡ‍ᠬᠢᠨ ᠪ ᠭᠤᠷᠪᠠᠨ ᠪᠠᠢᠢᠷᠢ ᠪᠣᠯᠤᠨ ᠲᠤᠰᠬᠠᠢ ᠪᠠᠢᠢᠷᠢ ᠵᠢᠨ ᠣᠷᠤᠯᠴᠠᠭᠴᠢᠳ ᠲᠤ ᠡ‍ᠷᠭᠦᠮᠵᠢᠯᠡᠯ ᠂ ᠳᠤᠷᠠᠰᠬᠠᠯ  ᠤᠨ ᠵᠦᠢᠯ ᠭᠠᠷᠳᠠᠭᠤᠯᠪᠠ᠃ ᠣᠷᠤᠯᠴᠠᠭᠴᠢᠳ ᠪᠦᠲᠦᠭᠡᠯ ᠳ᠋ᠦ ᠪᠡᠨ ᠮᠤᠩᠭᠤᠯ ᠤᠯᠤᠰ  ᠤᠨ ᠲᠥᠷᠦ ᠵᠢᠨ ᠳᠠᠭᠤᠯᠠᠯ ᠪᠣᠯᠤᠨ ᠪᠤᠰᠤᠳ ᠵᠤᠬᠢᠶᠠᠯᠴᠢᠳ ᠂ ᠤᠷᠠᠨ ᠪᠦᠲᠦᠭᠡᠯᠴᠢᠳ ᠤᠨ ᠪᠦᠲᠦᠭᠡᠯ ᠲᠤᠭᠤᠷᠪᠢᠯ ᠡᠴᠠ ᠡ‍ᠰᠢ ᠲᠠᠲᠠᠨ ᠣᠨᠴᠠᠯᠠᠵᠤ᠂ ᠬᠠᠭᠤᠴᠢᠨ ᠮᠤᠩᠭᠤᠯ ᠪᠢᠴᠢᠭ ᠵᠢᠨᠷ ᠪᠠᠭᠤᠯᠭᠠᠭᠰᠠᠨ ᠪᠠᠢᠢᠨ᠎ᠠ ᠃

 

ᠰᠡᠳᠬᠢᠭᠳᠡᠯ ᠦᠯᠡᠳᠡᠭᠡᠬᠦ