ᠪᠢᠯ ᠺᠯᠢᠩᠲ᠋ᠤᠨ ︽ ᠶᠡᠷᠦᠩᠬᠡᠶᠢᠯᠡᠭᠴᠢ ᠶ᠋ᠢᠨ ᠥᠬᠢᠨ ︾ᠷᠣᠮᠠᠨ ᠲᠤᠭᠤᠷᠪᠢᠵᠠᠢ | News.MN

ᠪᠢᠯ ᠺᠯᠢᠩᠲ᠋ᠤᠨ ︽ ᠶᠡᠷᠦᠩᠬᠡᠶᠢᠯᠡᠭᠴᠢ ᠶ᠋ᠢᠨ ᠥᠬᠢᠨ ︾ᠷᠣᠮᠠᠨ ᠲᠤᠭᠤᠷᠪᠢᠵᠠᠢ

ᠠᠮᠧᠷᠢᠺᠠ ᠶ᠋ᠢᠨ ᠶᠡᠷᠦᠩᠬᠡᠶᠢᠯᠡᠭᠴᠢ ᠠᠭᠰᠠᠨ ᠪᠢᠯ ᠺᠯᠢᠩᠲ᠋ᠤᠨ ᠵᠣᠬᠢᠶᠠᠯᠴᠢ ᠵᠸᠮᠰ ᠫᠠᠲᠲᠸᠷᠰᠤᠨ ᠤ ᠬᠠᠮᠲᠤ ᠪᠦᠲᠦᠭᠡᠭᠰᠡᠨ ᠬᠣᠶᠠᠳᠠᠭᠢ ᠠᠳᠠᠯ ᠶᠠᠪᠤᠳᠠᠯᠲᠤ ᠷᠣᠮᠠᠨ ︽ ᠶᠡᠷᠦᠩᠬᠡᠶᠢᠯᠡᠭᠴᠢ ᠶ᠋ᠢᠨ ᠥᠬᠢᠨ ︾ᠨᠢ ᠢᠷᠡᠬᠦ ᠵᠢᠯ  ᠤᠨ ᠵᠢᠷᠭᠤᠳᠤᠭᠠᠷ ᠰᠠᠷ᠎ᠠ ᠳᠤ ᠬᠤᠳᠠᠯᠳᠤᠭᠠᠨ  ᠳᠤ ᠭᠠᠷᠤᠨ᠎ᠠ ᠭᠡᠵᠦ Publishers Weekly ᠫᠣᠷᠲ᠋ᠠᠯ ᠮᠡᠳᠡᠭᠡᠯᠡᠯ᠎ᠡ ᠃ ᠤᠯᠤᠰ ᠲᠥᠷᠥᠴᠢ ᠂ ᠵᠣᠬᠢᠶᠠᠯᠴᠢ ᠬᠣᠶᠠᠷ ︽ ᠶᠡᠷᠦᠩᠬᠡᠶᠢᠯᠡᠭᠴᠢ ᠠᠯᠠᠭ᠎ᠠ ᠪᠣᠯᠪᠠ ︾ ᠨᠡᠷ᠎ᠡ ᠲᠠᠢ ᠠᠩᠬᠠᠨ ᠤ ᠷᠣᠮᠠᠨ ᠢᠶᠡᠨ 2018 ᠣᠨ ᠳᠤ ᠭᠠᠷᠭᠠᠭᠰᠠᠨ ᠨᠢ ᠮᠠᠰᠢ ᠶᠡᠬᠡ ᠠᠮᠵᠢᠯᠲᠠ ᠣᠯᠵᠤ ᠂ ᠳᠡᠯᠡᠬᠡᠢ ᠳᠠᠶᠠᠭᠠᠷ 3,2 ᠰᠠᠶ᠎ᠠ ᠬᠤᠪᠢ ᠵᠠᠷᠤᠭᠳᠠᠵᠤ ᠪᠠᠶᠢᠪᠠ ᠃

ᠰᠢᠨ᠎ᠡ ᠪᠦᠲᠦᠭᠡᠯ ᠡᠬᠢᠨ  ᠤ ᠷᠣᠮᠠᠨ ᠤ ᠦᠷᠭᠦᠯᠵᠢᠯᠡᠯ ᠪᠥᠭᠡᠳ ᠶᠡᠷᠦᠩᠬᠡᠶᠢᠯᠡᠭᠴᠢ ᠠᠯᠪᠠᠨ ᠲᠤᠰᠢᠶᠠᠯ ᠢᠶᠡᠨ ᠥᠭᠭᠦᠭᠰᠡᠨ ᠦ ᠳᠠᠷᠠᠭ᠎ᠠ ᠬᠥᠳᠡᠭᠡ ᠠᠮᠢᠳᠤᠷᠠᠵᠤ ᠠᠬᠤᠢ  ᠳᠤ ᠥᠬᠢᠨ ᠢ ᠨᠢ ᠬᠤᠯᠠᠭᠠᠶᠢᠯᠠᠭᠰᠠᠨ ᠲᠤᠬᠠᠢ ᠥᠭᠦᠯᠡᠬᠦ ᠶᠤᠮ ᠃ ᠰᠠᠨᠠᠭᠤᠯᠬᠤ  ᠳᠤ ᠂ ᠪᠢᠯ ᠺᠯᠢᠩᠲ᠋ᠤᠨ 1993  2001 ᠣᠨ ᠳᠤ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠪᠠ ᠃ ᠪᠦᠷᠢᠨ ᠡᠷᠬᠡ ᠶ᠋ᠢᠨ ᠬᠤᠭᠤᠴᠠᠭ᠎ᠠ ᠨᠢ ᠳᠠᠭᠤᠰᠤᠭᠰᠠᠨ ᠤ ᠳᠠᠷᠠᠭ᠎ᠠ ᠲᠡᠷᠡ ᠳᠤᠷᠠᠰᠤᠮᠵᠢ ᠂ ᠰᠢᠨᠵᠢᠯᠡᠬᠦ ᠤᠬᠠᠭᠠᠨ ᠤ ᠲᠠᠨᠢᠨ ᠮᠡᠳᠡᠬᠦᠢ ᠶ᠋ᠢᠨ ᠨᠣᠮ ᠪᠢᠴᠢᠳᠡᠭ ᠪᠣᠯᠵᠠᠢ ᠃

ᠰᠡᠳᠬᠢᠭᠳᠡᠯ ᠦᠯᠡᠳᠡᠭᠡᠬᠦ