ᠳᠡᠯᠡᠬᠡᠢ ᠶ᠋ᠢᠨ ᠮᠣᠩᠭᠣᠯᠴᠤᠳ ᠤᠨ ᠴᠠᠬᠢᠮ ᠤᠷᠤᠯᠳᠤᠭᠠᠨ ᠪᠣᠯᠣᠯ᠎ᠠ | News.MN

ᠳᠡᠯᠡᠬᠡᠢ ᠶ᠋ᠢᠨ ᠮᠣᠩᠭᠣᠯᠴᠤᠳ ᠤᠨ ᠴᠠᠬᠢᠮ ᠤᠷᠤᠯᠳᠤᠭᠠᠨ ᠪᠣᠯᠣᠯ᠎ᠠ

︽ ᠤᠯᠠᠨ ᠤᠯᠤᠰ ᠤᠨ ᠬᠡᠦᠬᠡᠳ  ᠤᠨ ᠡᠷᠬᠡ ᠶ᠋ᠢ ᠬᠠᠮᠠᠭᠠᠯᠠᠬᠤ ᠡᠳᠦᠷ ︾ ᠢ ᠲᠣᠬᠢᠶᠠᠯᠳᠤᠭᠤᠯᠤᠨ  MGL Running Channel  ᠰᠤᠪᠠᠭ ᠡᠴᠠ ᠳᠡᠯᠡᠬᠡᠢ ᠶ᠋ᠢᠨ ᠥᠨᠴᠥᠭ ᠪᠤᠯᠤᠩ ᠪᠦᠷᠢ ᠳ᠋ᠥ ᠪᠠᠶᠢᠭ᠎ᠠ ᠮᠣᠩᠭᠣᠯᠴᠤᠳ ‍ᠢ ᠬᠠᠮᠤᠷᠤᠭᠤᠯᠤᠭᠰᠠᠨ ᠠᠩᠬᠠᠨ ᠤ 5 ᠺᠢᠯᠣᠮᠧᠲ᠋ᠷ ᠤᠨ ᠴᠠᠬᠢᠮ ᠭᠦᠶᠦᠯᠲᠡ ᠶ᠋ᠢᠨ ᠤᠷᠤᠯᠳᠤᠭᠠᠨ ᠢ ᠥᠩᠭᠡᠷᠡᠭᠰᠡᠨ ᠰᠠᠷ᠎ᠠ ᠶ᠋ᠢᠨ 23  25 ᠳ᠋ᠥ ᠵᠣᠬᠢᠶᠠᠨ ᠪᠠᠶᠢᠭᠤᠯᠤᠯ᠎ᠠ ᠃

ᠤᠷᠤᠯᠳᠤᠭᠠᠨ  ᠳᠤ ᠮᠣᠩᠭᠣᠯ ᠂ ᠰᠣᠯᠣᠩᠭᠣᠰ ᠂ ᠠᠮᠧᠷᠢᠺᠠ ᠂ ᠠᠩᠭᠯᠢ ᠂ ᠠᠦ᠋ᠰᠲ᠋ᠷᠠᠯᠢᠶ᠎ᠠ ᠂ ᠠᠦ᠋ᠰᠲ᠋ᠷᠢᠶ᠎ᠠ ᠵᠡᠷᠭᠡ 16 ᠤᠯᠤᠰ ᠲᠤ ᠠᠮᠢᠳᠤᠷᠠᠵᠤ ᠪᠤᠢ ᠮᠣᠩᠭᠣᠯᠴᠤᠳ ᠤᠨ 56 ᠪᠠᠭ ᠤᠨ 431 ᠲᠠᠮᠢᠷᠴᠢᠨ ᠣᠷᠣᠯᠴᠠᠭᠰᠠᠨ ᠪᠥᠭᠡᠳ ᠺᠣᠷᠣᠨᠠ ᠸᠢᠷᠦ᠋ᠰ ᠦᠨ ᠡᠷᠡᠰᠳᠡᠯ ᠡᠴᠡ ᠰᠡᠷᠭᠡᠶᠢᠯᠡᠬᠦ ᠡᠭᠦᠳᠡᠨ ᠡᠴᠡ ᠴᠠᠬᠢᠮ ᠢᠶᠠᠷ ᠬᠣᠯᠪᠣᠭᠳᠠᠵᠠᠢ ᠃ ᠤᠷᠤᠯᠳᠤᠭᠠᠨ ᠳᠤ ᠲᠡᠷᠢᠭᠦᠨ ᠪᠠᠶᠢᠷᠢ ᠶ᠋ᠢ ᠶᠠᠫᠤᠨ ᠤᠯᠤᠰ ᠡᠴᠠ ᠣᠷᠣᠯᠴᠠᠭᠰᠠᠨ ᠴ᠊ · ᠴᠡᠷᠢᠨᠪᠠᠲᠤ ᠠᠬᠠᠯᠠᠭᠴᠢ ᠲᠠᠢ ︽ ᠡᠷᠡᠭᠦᠯ ᠮᠣᠩᠭᠣᠯ ᠢ ᠬᠠᠮᠲᠤ ᠳ᠋ᠤ ᠪᠠᠨ ︾ ᠪᠠᠭ ᠡᠵᠡᠯᠡᠵᠦ ᠂ ᠳᠡᠳ᠋ ᠪᠠᠶᠢᠷᠢ ᠳᠦ ᠮᠣᠩᠭᠣᠯ ᠤᠯᠤᠰ ᠡᠴᠠ ᠣᠷᠣᠯᠴᠠᠭᠰᠠᠨ ᠴ᠊ ·  ᠠᠯᠲᠠᠨᠰᠦ᠋ᠬᠡ ᠠᠬᠠᠯᠠᠭᠴᠢ ᠲᠠᠢ  iRUN Team-1  ᠪᠠᠭ ᠂ ᠭᠤᠲᠠᠭᠠᠷ ᠪᠠᠶᠢᠷᠢ ᠳᠤ ᠳ᠋᠊ · ᠭᠠᠩᠪᠠᠲᠤ ᠠᠬᠠᠯᠠᠭᠴᠢ ᠲᠠᠢ ︽ iRUN ᠠᠬᠠᠮᠠᠳ ᠤᠨ ᠵᠣᠯᠪᠣᠭ᠎ᠠ ︾ ᠪᠠᠭ ᠣᠷᠣᠭᠰᠠᠨ ᠪᠠᠶᠢᠨ᠎ᠠ ᠃

MGL Running Channel  ᠨᠢ ᠡᠷᠡᠭᠦᠯ ᠵᠥᠪ ᠠᠮᠢᠳᠤᠷᠠᠯ ᠤᠨ ᠬᠡᠪᠰᠢᠯ ᠢ ᠤᠷᠢᠶᠠᠯᠠᠬᠤ ᠂ ᠲᠡᠷᠡ ᠳᠤᠮᠳᠠ ᠪᠠᠨ ᠭᠦᠶᠦᠯᠲᠡ ᠪᠡᠷ ᠬᠢᠴᠢᠶᠡᠯᠯᠡᠵᠦ ᠪᠠᠶᠢᠭ᠎ᠠ ᠪᠣᠯᠣᠨ ᠬᠢᠴᠢᠶᠡᠯᠯᠡᠵᠦ ᠡᠬᠢᠯᠡᠬᠦ ᠭᠡᠵᠦ ᠪᠠᠶᠢᠭ᠎ᠠ ᠬᠥᠮᠥᠰ ᠲᠥ ᠮᠡᠳᠡᠭᠡᠯᠡᠯ ᠬᠦᠷᠭᠡᠬᠦ ᠂ ᠲᠤᠷᠰᠢᠯᠭ᠎ᠠ ᠪᠠᠨ ᠬᠤᠪᠢᠶᠠᠯᠴᠠᠬᠤ ᠪᠣᠯᠣᠮᠵᠢ ᠶ᠋ᠢ ᠪᠤᠢ ᠪᠣᠯᠭᠠᠬᠤ ᠵᠣᠷᠢᠯᠭ᠎ᠠ ᠲᠠᠢ ᠪᠠᠷ ᠡᠨᠡ ᠣᠨ ᠤ 3 ᠰᠠᠷ᠎ᠠ ᠳᠤ ᠪᠠᠶᠢᠭᠤᠯᠤᠭᠳᠠᠵᠠᠢ ᠃ ᠴᠠᠭᠠᠰᠢᠳᠠ 10 ᠺᠢᠯᠣᠮᠧᠲ᠋ᠷ ᠂ ᠬᠠᠭᠠᠰ ᠮᠠᠷᠠᠹᠤᠨ ᠂ ᠪᠦᠲᠦᠨ ᠮᠠᠷᠠᠹᠤᠨ ᠵᠡᠷᠭᠡ ᠴᠠᠬᠢᠮ ᠭᠦᠶᠦᠯᠲᠡ ᠶ᠋ᠢᠨ ᠲᠡᠮᠡᠴᠡᠭᠡᠨ ᠢ ᠴᠤᠪᠤᠷᠠᠯ ᠬᠡᠯᠪᠡᠷᠢ ᠪᠡᠷ ᠵᠣᠬᠢᠶᠠᠨ ᠪᠠᠶᠢᠭᠤᠯᠬᠤ ᠪᠡᠷ ᠲᠥᠯᠥᠪᠯᠡᠵᠦ ᠪᠠᠶᠢᠭ᠎ᠠ ᠶᠤᠮ ᠃

ᠰᠡᠳᠬᠢᠭᠳᠡᠯ ᠦᠯᠡᠳᠡᠭᠡᠬᠦ