ᠤᠯᠤᠰ ᠤᠨ ᠬᠡᠮᠵᠢᠶᠡᠨ ᠳ᠋ᠥ 21.1 ᠰᠠᠶ᠎ᠠ ᠲᠥᠯ ᠪᠣᠶᠢᠵᠢᠵᠤ ᠪᠠᠶᠢᠨ᠎ᠠ | News.MN

ᠤᠯᠤᠰ ᠤᠨ ᠬᠡᠮᠵᠢᠶᠡᠨ ᠳ᠋ᠥ 21.1 ᠰᠠᠶ᠎ᠠ ᠲᠥᠯ ᠪᠣᠶᠢᠵᠢᠵᠤ ᠪᠠᠶᠢᠨ᠎ᠠ

ᠡᠨᠡ ᠣᠨ ᠤ ᠲᠠᠪᠤᠳᠤᠭᠠᠷ ᠰᠠᠷ᠎ᠠ ᠶ᠋ᠢᠨ 29 ᠤ ᠡᠳᠦᠷ  ᠤᠨ ᠪᠠᠶᠢᠳᠠᠯ ᠢᠶᠠᠷ ᠤᠯᠤᠰ ᠤᠨ ᠬᠡᠮᠵᠢᠶᠡᠨ ᠳ᠋ᠥ 29.2 ᠰᠠᠶ᠎ᠠ ᠲᠣᠯᠣᠭᠠᠢ ᠡᠬᠡ ᠮᠠᠯ ᠤᠨ 77.1% ᠪᠤᠶᠤ 21.9 ᠰᠠᠶ᠎ᠠ ᠡᠬᠡ ᠮᠠᠯ ᠲᠦᠯᠯᠡᠭᠰᠡᠨ ᠢ ᠬᠦᠨᠡᠰᠦ ᠂ ᠬᠥᠳᠡᠭᠡ ᠠᠵᠤ ᠠᠬᠤᠢ ᠂ ᠬᠥᠩᠭᠡᠨ ᠦᠢᠯᠡᠳᠪᠦᠷᠢ ᠶ᠋ᠢᠨ ᠶᠠᠮᠤᠨ ᠡᠴᠠ ᠮᠡᠳᠡᠭᠡᠯᠡᠯ᠎ᠡ ᠃ ᠲᠣᠳᠣᠷᠠᠭᠤᠯᠪᠠᠯ ᠂  ᠪᠤᠳᠠ ᠮᠠᠯ ᠤᠨ  ᠬᠡᠭᠡᠯᠲᠦᠭᠴᠢ ᠶᠢᠨ 52.1% ᠂ ᠪᠣᠭ ᠮᠠᠯ ᠤᠨ ᠬᠡᠭᠡᠯᠲᠦᠭᠴᠢ ᠶᠢᠨ 78.8% ᠨᠢ ᠲᠤᠰ ᠲᠤᠰ ᠲᠦᠯᠯᠡᠵᠡᠢ ᠃

ᠮᠠᠯ ᠲᠥᠯᠯᠡᠯᠲᠡ ᠶ᠋ᠢᠨ ᠶᠠᠪᠤᠴᠠ ᠪᠠᠶᠠᠨ ᠥᠯᠥᠭᠡᠢ ᠠᠶᠢᠮᠠᠭ 97.3% ᠂ ᠬᠣᠪᠲᠤ ᠠᠶᠢᠮᠠᠭ 93% ᠪᠤᠶᠤ ᠬᠠᠮᠤᠭ ᠤᠨ ᠥᠨᠳᠥᠷ ᠬᠤᠪᠢ ᠲᠠᠢ ᠪᠠᠶᠢᠭ᠎ᠠ ᠪᠣᠯ ᠡᠮᠦᠨᠡᠭᠣᠪᠢ ᠠᠶᠢᠮᠠᠭ 44.4% ᠲᠠᠢ ᠪᠠᠶᠢᠭ᠎ᠠ ᠶᠤᠮ ᠃ ᠡᠶᠢᠨ ᠬᠦ ᠤᠯᠤᠰ ᠤᠨ ᠬᠡᠮᠵᠢᠶᠡᠨ ᠳ᠋ᠥ 21.9 ᠰᠠᠶ᠎ᠠ ᠲᠥᠯ ᠬᠦᠯᠢᠶᠡᠨ ᠠᠪᠴᠤ ᠂ 21.1 ᠰᠠᠶ᠎ᠠ ᠲᠥᠯ ᠪᠣᠶᠢᠵᠢᠵᠤ ᠂ ᠲᠥᠯ ᠪᠣᠶᠢᠵᠢᠯᠲᠠ 97% ᠲᠠᠢ ᠪᠠᠶᠢᠨ᠎ᠠ ᠃   ᠡᠭᠦᠨ ᠡᠴᠡ ᠂  67.4 ᠮᠢᠩᠭᠠᠨ ᠪᠣᠲᠣᠭᠣ᠂ 514.6 ᠮᠢᠩᠭᠠᠨ ᠤᠨᠠᠭ᠎ᠠ᠂ 986.7 ᠮᠢᠩᠭᠠᠨ ᠲᠤᠭᠤᠯ᠂10.8 ᠰᠠᠶ᠎ᠠ ᠬᠤᠷᠠᠭ᠎ᠠ᠂ 8.6 ᠰᠠᠶ᠎ᠠ ᠢᠰᠢᠭᠡ ᠪᠠᠶᠢᠨ᠎ᠠ ᠃

ᠰᠡᠳᠬᠢᠭᠳᠡᠯ ᠦᠯᠡᠳᠡᠭᠡᠬᠦ