57 ᠪᠠᠭᠰᠢ ᠨᠣᠮ ᠤᠨ ᠲᠡᠮᠳᠡᠭᠯᠡᠯ ᠢᠷᠡᠭᠦᠯᠵᠡᠢ | News.MN

57 ᠪᠠᠭᠰᠢ ᠨᠣᠮ ᠤᠨ ᠲᠡᠮᠳᠡᠭᠯᠡᠯ ᠢᠷᠡᠭᠦᠯᠵᠡᠢ

ᠬᠣᠪᠲᠤ ᠠᠶᠢᠮᠠᠭ ᠤᠨ ᠪᠠᠭᠰᠢ ᠨᠠᠷ ᠤᠨ ᠬᠥᠭᠵᠢᠯ ᠢ ᠳᠡᠮᠵᠢᠬᠦ ᠂ ᠨᠣᠮ ᠤᠩᠰᠢᠬᠤ ᠳᠦ ᠤᠷᠢᠶᠠᠯᠠᠬᠤ ᠵᠣᠷᠢᠯᠭ᠎ᠠ ᠪᠦᠬᠦᠢ ︽ ᠲᠡᠮᠡᠦᠯᠦᠯ ᠳ᠋ᠦ ᠬᠥᠲᠥᠯᠬᠦ  ᠲᠡᠮᠳᠡᠭᠯᠡᠯ ︾ ᠠᠶᠠᠨ ᠢ 50 ᠬᠣᠨᠣᠭ ᠤᠨ ᠬᠤᠭᠤᠴᠠᠭᠠᠨ ᠳᠦ ᠵᠣᠬᠢᠶᠠᠨ ᠪᠠᠶᠢᠭᠤᠯᠪᠠ ᠃ ᠲᠤᠰ ᠠᠶᠠᠨ ᠤ ᠦᠢᠯᠡ ᠠᠵᠢᠯᠯᠠᠭ᠎ᠠ ᠶ᠋ᠢ ᠬᠣᠪᠲᠤ ᠠᠶᠢᠮᠠᠭ ᠤᠨ ᠵᠠᠯᠠᠭᠤ ᠪᠠᠭᠰᠢ ᠨᠠᠷ ᠤᠨ ᠬᠣᠯᠪᠣᠭ᠎ᠠ ᠂ ︽ ᠮᠣᠩᠭᠣᠯ ᠳᠠᠷᠬᠠᠯᠠᠭ᠎ᠠ ︾ ᠺᠯᠦ᠋ᠪ ᠬᠠᠮᠲᠤᠷᠠᠨ  ᠬᠡᠷᠡᠭᠵᠢᠭᠦᠯᠦᠭᠰᠡᠨ ᠪᠠᠢᠨ᠎ᠠ᠃ ᠡᠨᠡ ᠬᠤᠭᠤᠴᠠᠭᠠᠨ ᠳᠦ ᠪᠠᠭᠰᠢ ᠨᠠᠷ ᠤᠩᠰᠢᠭᠰᠠᠨ ᠨᠣᠮ ᠤᠨ ᠢᠶᠡᠨ ᠲᠤᠬᠠᠢ ᠨᠡᠶᠢᠲᠡ 57 ᠲᠡᠮᠳᠡᠭᠯᠡᠯ ᠪᠢᠴᠢᠵᠦ ᠢᠷᠡᠭᠦᠯᠵᠡᠢ ᠃ ᠡᠭᠦᠨ ᠡᠴᠡ 44 ᠨᠣᠮ ᠤᠨ ᠲᠡᠮᠳᠡᠭᠯᠡᠯ ᠢ  ᠴᠠᠬᠢᠮ ᠬᠠᠭᠤᠳᠠᠰᠤᠨ ᠳᠤ ᠲᠠᠯᠪᠢᠭᠰᠠᠨ ᠤ ᠳᠠᠷᠠᠭ᠎ᠠ ᠳᠤᠮᠳᠠᠴᠢ ᠪᠡᠷ 10500 ᠬᠥᠮᠥᠨ ᠤᠩᠰᠢᠭᠰᠠᠨ ᠭᠡᠬᠦ ᠰᠤᠳᠤᠯᠭᠠᠨ ᠭᠠᠷᠤᠭᠰᠠᠨ ᠪᠠᠶᠢᠨ᠎ᠠ ᠃

ᠤᠭ ᠠᠶᠠᠨ ᠤ ᠦᠢᠯᠡ ᠠᠵᠢᠯᠯᠠᠭᠠᠨ ᠳᠤ ᠠᠮᠵᠢᠯᠲᠠᠲᠠᠢ ᠣᠷᠣᠯᠴᠠᠭᠰᠠᠨ 30 ᠪᠠᠭᠰᠢ ᠶ᠋ᠢ 2020 ᠣᠨ ᠤ ᠰᠢᠯᠢᠳᠡᠭ︵ best seller︶ᠨᠣᠮ ᠢᠶᠠᠷ ᠱᠠᠩᠨᠠᠪᠠ ᠃ ᠮᠥᠨ 10 ᠪᠠᠭᠰᠢ ᠲᠤᠰ ᠪᠦᠷᠢ ᠳ᠋ᠥ 100 ᠮᠢᠩᠭ᠎ᠠ ᠂ 10 ᠪᠠᠭᠰᠢ ᠲᠤᠰ ᠪᠦᠷᠢ ᠳ᠋ᠥ 50 ᠮᠢᠩᠭᠠᠨ ᠲᠥᠭᠥᠷᠢᠭ ᠭᠠᠷᠳᠠᠭᠤᠯᠤᠨ ᠥᠭᠴᠡᠢ ᠃

ᠰᠡᠳᠬᠢᠭᠳᠡᠯ ᠦᠯᠡᠳᠡᠭᠡᠬᠦ