︽ ᠦᠳᠡ ᠶ᠋ᠢᠨ ᠬᠣᠭᠣᠯᠠ ︾ ᠶᠢ ᠴᠢᠨᠠᠷᠵᠢᠭᠤᠯᠬᠤ ᠦᠨᠳᠦᠰᠦᠨ ᠤ ᠬᠥᠲᠥᠯᠪᠦᠷᠢ ᠶ᠋ᠢ ᠪᠠᠲᠤᠯᠠᠪᠠ | News.MN

 ︽ ᠦᠳᠡ ᠶ᠋ᠢᠨ ᠬᠣᠭᠣᠯᠠ ︾ ᠶᠢ ᠴᠢᠨᠠᠷᠵᠢᠭᠤᠯᠬᠤ ᠦᠨᠳᠦᠰᠦᠨ ᠤ ᠬᠥᠲᠥᠯᠪᠦᠷᠢ ᠶ᠋ᠢ ᠪᠠᠲᠤᠯᠠᠪᠠ

ᠥᠴᠥᠭᠡᠳᠦᠷ ᠦᠨ ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠢᠶᠠᠷ ︽ ᠰᠤᠷᠭᠠᠭᠤᠯᠢ ᠶ᠋ᠢᠨ ᠬᠣᠭᠣᠯᠠ ᠦᠢᠯᠡᠳᠪᠦᠷᠢᠯᠡᠯ ᠂ ᠦᠢᠯᠡᠴᠢᠯᠡᠭᠡ ᠶ᠋ᠢ ᠳᠡᠮᠵᠢᠬᠦ ᠦᠨᠳᠦᠰᠦᠨ ᠤ ᠬᠥᠲᠥᠯᠪᠦᠷᠢ ︾ ᠶᠢ ᠪᠠᠲᠤᠯᠠᠵᠤ ᠂ ᠤᠯᠤᠰ ᠤᠨ ᠬᠡᠮᠵᠢᠶᠡᠨ ᠳ᠋ᠥ ᠬᠡᠷᠡᠭᠵᠢᠭᠦᠯᠬᠦ ᠠᠷᠭ᠎ᠠ ᠬᠡᠮᠵᠢᠶᠡᠨ  ᠤ ᠲᠥᠯᠥᠪᠯᠡᠭᠡ ᠭᠠᠷᠭᠠᠨ ᠳᠠᠭᠠᠵᠤ ᠮᠥᠷᠳᠡᠬᠦ ᠂ ᠪᠡᠶᠡᠯᠡᠯᠲᠡ ᠳ᠋ᠦ ᠨᠢ ᠬᠢᠨᠠᠯᠲᠠ ᠲᠠᠯᠪᠢᠵᠤ ᠠᠵᠢᠯᠯᠠᠬᠤ ᠶ᠋ᠢ ᠪᠣᠯᠪᠠᠰᠤᠷᠠᠯ ᠂ ᠰᠣᠶᠣᠯ ᠂ ᠰᠢᠨᠵᠢᠯᠡᠬᠦ ᠤᠬᠠᠭᠠᠨ ᠂ ᠰᠫᠣᠷᠲ ᠤᠨ ᠶᠠᠮᠤᠨ ᠤ ᠰᠠᠶᠢᠳ ᠶᠣ᠊ · ᠪᠠᠭᠠᠲᠤᠷᠪᠢᠯᠢᠭ᠌ ᠲᠤ ᠳᠠᠭᠠᠭᠠᠯᠭᠠᠪᠠ ᠃ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠲᠤ︽ ᠦᠳᠡ ᠶ᠋ᠢᠨ ᠴᠠᠢ ︾ ᠬᠥᠲᠥᠯᠪᠦᠷᠢ ᠬᠡᠷᠡᠭᠵᠢᠭᠦᠯᠵᠦ ᠪᠠᠶᠢᠭᠰᠠᠨ ᠢ ᠥᠷᠭᠡᠵᠢᠭᠦᠯᠵᠦ᠂ ︽ ᠦᠳᠡ ᠶ᠋ᠢᠨ ᠬᠣᠭᠣᠯᠠ ︾ ᠪᠣᠯᠭᠠᠵᠤ ᠂ ᠤᠯᠤᠰ ᠤᠨ ᠶᠡᠬᠡ ᠬᠤᠷᠠᠯ ᠡᠴᠠ ︽ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶ᠋ᠢᠨ ᠬᠣᠭᠣᠯᠠ ᠦᠢᠯᠡᠳᠪᠦᠷᠢᠯᠡᠯ ᠦᠢᠯᠡᠴᠢᠯᠡᠭᠡᠨ ᠤ ᠲᠤᠬᠠᠢ ︾ ᠬᠠᠤᠯᠢ ᠶ᠋ᠢ ᠪᠠᠲᠤᠯᠠᠨ ᠭᠠᠷᠭᠠᠭᠰᠠᠨ ᠃ ᠬᠠᠤᠯᠢ ᠶ᠋ᠢ ᠬᠡᠷᠡᠭᠵᠢᠭᠦᠯᠬᠦ ᠬᠦᠷᠢᠶᠡᠨ ᠳ᠋ᠥ ᠵᠠᠰᠠᠭ ᠤᠨ ᠭᠠᠵᠠᠷ ᠡᠴᠠ ᠲᠤᠰ ᠬᠥᠲᠥᠯᠪᠦᠷᠢ ᠶ᠋ᠢ ᠪᠠᠲᠤᠯᠠᠵᠤ ᠪᠤᠢ ᠃ ᠮᠡᠷᠭᠡᠵᠢᠯ  ᠤᠨ ᠬᠢᠨᠠᠯᠲᠠ ᠶ᠋ᠢᠨ ᠶᠡᠷᠦᠩᠬᠡᠢ ᠭᠠᠵᠠᠷ ᠪᠣᠯᠣᠨ ᠪᠤᠰᠤᠳ ᠪᠠᠶᠢᠭᠤᠯᠭ᠎ᠠ ᠨᠣᠭᠣᠳ ᠡᠴᠠ ᠶᠠᠪᠤᠭᠤᠯᠤᠭᠰᠠᠨ ᠰᠢᠯᠭᠠᠯᠲᠠ ᠪᠠᠷ ︽ᠦᠳᠡ ᠶ᠋ᠢᠨ ᠴᠠᠢ︾ ᠬᠥᠲᠥᠯᠪᠦᠷᠢ ᠶ᠋ᠢ ᠦᠳᠡ ᠶ᠋ᠢᠨ ᠬᠣᠭᠣᠯᠠ ᠪᠣᠯᠭᠠᠭᠰᠠᠨ ᠢᠶᠠᠷ ᠰᠤᠷᠭᠠᠭᠤᠯᠢ ᠨᠣᠭᠣᠳ ᠤᠨ ᠴᠠᠢ ᠶ᠋ᠢᠨ ᠭᠠᠵᠠᠷ ᠤᠨ ᠠᠴᠢᠶᠠᠯᠠᠯ ᠡᠷᠡᠰ ᠨᠡᠮᠡᠭᠳᠡᠵᠦ ᠂ ᠬᠠᠯᠳᠠᠪᠤᠷᠢ ᠬᠠᠮᠠᠭᠠᠯᠠᠯ ᠤᠨ ᠳᠢᠭᠯᠢᠮ ᠠᠯᠳᠠᠭᠳᠠᠬᠤ ᠂ ᠤᠯᠠᠮ ᠢᠶᠠᠷ ᠰᠤᠷᠤᠭᠴᠢᠳ ᠤᠨ ᠬᠦᠨᠡᠰᠦᠨ ᠤ  ᠠᠶᠤᠯᠭᠦᠢ ᠪᠠᠶᠢᠳᠠᠯ ᠡᠷᠡᠰᠳᠡᠯ ᠳ᠋ᠦ ᠣᠷᠣᠬᠤ ᠨᠥᠬᠥᠴᠡᠯ ᠡᠭᠦᠰᠦᠭᠰᠡᠨ ᠢ ᠠᠩᠬᠠᠷᠤᠭᠤᠯᠤᠭᠰᠠᠭᠠᠷ ᠢᠷᠠᠵᠠᠢ ᠃

ᠡᠶᠢᠮᠦ ᠳ᠋ᠥ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶ᠋ᠢᠨ ᠬᠦᠨᠡᠰᠦᠨ ᠤ ᠬᠠᠩᠭᠠᠮᠵᠢ ᠶ᠋ᠢᠨ ᠨᠢᠭᠡᠳᠦᠭᠰᠡᠨ ᠲᠣᠭᠲᠠᠯᠴᠠᠭ᠎ᠠ ᠶ᠋ᠢ ᠪᠤᠢ ᠪᠣᠯᠭᠠᠬᠤ ᠂ ᠰᠲ᠋ᠠᠨᠳᠠᠷᠲ ᠤᠨ ᠱᠠᠭᠠᠷᠳᠠᠯᠭ᠎ᠠ ᠬᠠᠩᠭᠠᠭᠰᠠᠨ ᠬᠣᠭᠣᠯᠠ ᠦᠢᠯᠡᠳᠪᠦᠷᠢᠯᠡᠯ  ᠤᠨ ᠪᠠᠶᠢᠷᠢ ᠂ ᠮᠡᠷᠭᠡᠵᠢᠯ  ᠤᠨ ᠬᠥᠮᠥᠨ ᠤ ᠨᠥᠭᠡᠴᠡ ᠶ᠋ᠢ ᠪᠡᠯᠡᠳᠬᠡᠬᠦ ᠣᠨᠣᠪᠴᠢᠲᠠᠢ ᠵᠣᠬᠢᠶᠠᠨ ᠪᠠᠢᠭᠤᠯᠬᠤ ᠂ ᠰᠤᠷᠤᠭᠴᠢᠳ ᠤᠨ ᠪᠡᠶ᠎ᠡ ᠮᠠᠬᠠᠪᠤᠳ ᠂ ᠨᠠᠰᠤᠨ ᠤ ᠠᠩᠭᠢᠯᠠᠯ ᠳ᠋ᠤ ᠲᠣᠬᠢᠷᠠᠭᠰᠠᠨ ᠰᠢᠮ᠎ᠡ ᠲᠡᠵᠢᠭᠡᠯ ᠂ ᠠᠮᠢᠨ ᠳᠡᠮ ᠦᠨ ᠵᠣᠬᠢᠰᠲᠤ ᠬᠠᠷᠢᠴᠠᠭ᠎ᠠ ᠶ᠋ᠢ ᠬᠠᠩᠭᠠᠭᠰᠠᠨ ᠬᠣᠭᠣᠯᠠᠨ ᠤ ᠵᠣᠷ ᠲᠧᠭᠨᠣᠯᠣᠭᠢ ᠶ᠋ᠢ ᠰᠢᠨᠵᠢᠯᠡᠬᠦ ᠤᠬᠠᠭᠠᠨ ᠤ ᠦᠨᠳᠦᠰᠦ ᠲᠠᠢ ᠪᠣᠯᠪᠠᠰᠤᠷᠠᠭᠤᠯᠤᠨ ᠬᠣᠭᠣᠯᠠ ᠰᠢᠮ᠎ᠡ ᠲᠡᠵᠢᠭᠡᠯ  ᠤᠨ ᠪᠣᠯᠪᠠᠰᠤᠷᠠᠯ ᠣᠯᠭᠣᠬᠤ ᠲᠣᠭᠲᠠᠯᠴᠠᠭ᠎ᠠ ᠶ᠋ᠢ ᠪᠦᠷᠢᠳᠦᠭᠦᠯᠬᠦ ᠂ ᠦᠷ᠎ᠡ ᠳ᠋ᠦᠩ ᠢ ᠲᠣᠭᠠᠴᠠᠵᠤ ᠂ ᠦᠨᠡᠯᠡᠯᠲᠡ ᠳ᠋ᠦᠩᠨᠡᠯᠲᠡ ᠥᠭᠴᠦ ᠪᠠᠶᠢᠬᠤ 5 ᠵᠦᠢᠯ 48 ᠵᠢᠭᠠᠯᠲᠠ ᠲᠠᠢ ᠡᠨᠡ ᠬᠦ ᠬᠥᠲᠥᠯᠪᠦᠷᠢ ᠶ᠋ᠢ ᠪᠠᠲᠤᠯᠠᠪᠠ ᠃

ᠰᠡᠳᠬᠢᠭᠳᠡᠯ ᠦᠯᠡᠳᠡᠭᠡᠬᠦ