ᠡᠷᠡᠭᠲᠡᠢ ᠂ ᠡᠮᠡᠭᠲᠡᠢ ᠶᠢᠨ ᠳᠤᠮᠳᠠᠴᠢ ᠨᠠᠰᠤᠯᠠᠯᠲᠠ ᠶ᠋ᠢᠨ ᠵᠦᠷᠢᠶ᠎ᠡ 9.7 ᠵᠢᠯ ᠪᠠᠶᠢᠨ᠎ᠠ | News.MN

ᠡᠷᠡᠭᠲᠡᠢ ᠂ ᠡᠮᠡᠭᠲᠡᠢ ᠶᠢᠨ ᠳᠤᠮᠳᠠᠴᠢ ᠨᠠᠰᠤᠯᠠᠯᠲᠠ ᠶ᠋ᠢᠨ ᠵᠦᠷᠢᠶ᠎ᠡ 9.7 ᠵᠢᠯ ᠪᠠᠶᠢᠨ᠎ᠠ

ᠮᠣᠩᠭᠣᠯ ᠤᠯᠤᠰ ᠬᠥᠮᠥᠨ ᠠᠮᠠ ᠶ᠋ᠢᠨ ᠳᠤᠮᠳᠠᠴᠢ ᠨᠠᠰᠤᠯᠠᠯᠲᠠ ᠶ᠋ᠢ 1992 ᠣᠨ ᠳᠦ ᠠᠩᠬ᠎ᠠ ᠲᠣᠭᠠᠴᠠᠬᠤ ᠳ᠋ᠤ 62.77 ᠪᠠᠶᠢᠭᠰᠠᠨ ᠪᠣᠯ 2018 ᠣᠨ ᠬᠦᠷᠲᠡᠯᠡᠬᠢ 26 ᠵᠢᠯ  ᠤᠨ ᠬᠤᠭᠤᠴᠠᠭᠠᠨ  ᠳᠤ 7.4 ᠵᠢᠯ ᠢᠶ᠋ᠡᠷ ᠨᠡᠮᠡᠭᠳᠡᠵᠡᠢ ᠃ ᠬᠥᠮᠥᠨ ᠠᠮᠠ ᠶ᠋ᠢᠨ ᠳᠤᠮᠳᠠᠴᠢ ᠨᠠᠰᠤᠯᠠᠯᠲᠠ ᠭᠡᠳᠡᠭ ᠨᠢ ᠲᠤᠬᠠᠢ ᠶ᠋ᠢᠨ ᠤᠯᠤᠰ ᠣᠷᠣᠨ ᠤ ᠨᠡᠶᠢᠭᠡᠮ ᠂ ᠡᠳ᠋  ᠤᠨ ᠵᠠᠰᠠᠭ ᠤᠨ ᠬᠥᠭᠵᠢᠯ ᠂ ᠲᠡᠭᠦᠨ ᠦ ᠦᠷ᠎ᠡ ᠨᠥᠯᠥᠭᠡ ᠶ᠋ᠢ ᠢᠯᠡᠷᠬᠡᠶᠢᠯᠡᠳᠡᠭ ᠬᠥᠮᠥᠨ  ᠤ ᠬᠥᠭᠵᠢᠯ  ᠤᠨ ᠢᠨᠳ᠋ᠸᠺᠰ  ᠤᠨ ᠦᠵᠡᠭᠦᠯᠦᠯᠲᠡ ᠨᠦᠭᠦᠳ ᠦᠨ ᠨᠢᠭᠡ ᠶᠤᠮ ᠃ ᠳᠤᠮᠳᠠᠴᠢ ᠨᠠᠰᠤᠯᠠᠯᠲᠠ ᠶ᠋ᠢ ᠬᠦᠢᠰᠦ ᠪᠡᠷ ᠠᠪᠴᠤ ᠦᠵᠡᠪᠡᠯ ᠮᠣᠩᠭᠣᠯ ᠤᠯᠤᠰ ᠤᠨ ᠡᠷᠡᠭᠲᠡᠢ ᠂ ᠡᠮᠡᠭᠲᠡᠢ ᠬᠥᠮᠥᠰ  ᠤᠨ ᠳᠤᠮᠳᠠᠴᠢ ᠨᠠᠰᠤᠯᠠᠯᠲᠠ 1992 ᠣᠨ ᠳᠤ 4.19 ᠵᠢᠯ  ᠤᠨ ᠵᠥᠷᠢᠶ᠎ᠡ ᠲᠠᠢ ᠪᠤᠶᠤ ᠡᠮᠡᠭᠲᠡᠶᠢᠴᠦᠳ ᠡᠷᠡᠭᠲᠡᠶᠢᠴᠦᠳ ᠡᠴᠡ 4.19 ᠵᠢᠯ ᠢᠶ᠋ᠡᠷ ᠤᠷᠲᠤ ᠨᠠᠰᠤᠯᠠᠵᠤ ᠪᠠᠶᠢᠭᠰᠠᠨ ᠪᠣᠯ 2018 ᠣᠨ ᠳᠤ ᠤᠭ ᠵᠦᠷᠢᠶ᠎ᠡ 9.67 ᠪᠣᠯᠵᠤ ᠥᠰᠴᠡᠢ ᠃ ᠡᠷᠡᠭᠲᠡᠢ ᠂ ᠡᠮᠡᠭᠲᠡᠢ ᠬᠥᠮᠥᠰ  ᠤᠨ ᠳᠤᠮᠳᠠᠴᠢ ᠨᠠᠰᠤᠯᠠᠯᠲᠠ ᠶ᠋ᠢᠨ ᠵᠥᠷᠢᠶ᠎ᠡ ᠲᠠᠢ ᠪᠠᠶᠢᠳᠠᠯ ᠢ ᠠᠶᠢᠮᠠᠭ ᠤᠳ ᠤᠨ ᠬᠤᠪᠢ ᠳᠤ ᠬᠠᠷᠠᠬᠤ ᠳᠤ ᠣᠷᠬᠣᠨ ᠠᠶᠢᠮᠠᠭ ᠬᠠᠮᠤᠭ ᠤᠨ ᠶᠡᠬᠡ ᠵᠥᠷᠢᠶ᠎ᠡ ᠲᠠᠢ ᠪᠤᠶᠤ 11.7 ᠪᠠᠶᠢᠨ᠎ᠠ ᠃ ᠰᠡᠯᠡᠩᠭᠡ ᠂ ᠳᠣᠷᠤᠨᠠᠭᠣᠪᠢ ᠂ ᠳᠠᠷᠬᠠᠨ ᠠᠭᠤᠯᠠ ᠂ ᠰᠦᠬᠡᠪᠠᠭᠠᠲᠤᠷ ᠠᠶᠢᠮᠠᠭ ᠤᠳ ᠵᠦᠷᠢᠶ᠎ᠡ10 ᠪᠤᠶᠤ ᠤᠯᠤᠰ ᠤᠨ ᠳᠤᠮᠳᠠᠴᠢ ᠡᠴᠠ ᠶᠡᠬᠡ ᠪᠠᠶᠢᠨ᠎ᠠ ᠃ ᠭᠣᠪᠢ  ᠰᠦᠮᠪᠦᠷ ᠠᠶᠢᠮᠠᠭ ᠵᠦᠷᠢᠶ᠎ᠡ ᠬᠠᠮᠤᠭ ᠤᠨ ᠪᠠᠭ᠎ᠠ ᠪᠤᠶᠤ 3.7 ᠪᠠᠶᠢᠨ᠎ᠠ ᠃

ᠮᠣᠩᠭᠣᠯ ᠤᠯᠤᠰ ᠤᠨ ᠡᠷᠡᠭᠲᠡᠢ ᠂ ᠡᠮᠡᠭᠲᠡᠢ ᠬᠥᠮᠥᠰ  ᠤᠨ ᠳᠤᠮᠳᠠᠴᠢ ᠨᠠᠰᠤᠯᠠᠯᠲᠠ ᠶ᠋ᠢᠨ  ᠵᠦᠷᠢᠶ᠎ᠡ 9.7 ᠵᠢᠯ ᠪᠠᠶᠢᠭ᠎ᠠ ᠨᠢ ᠳᠡᠯᠡᠬᠡᠢ ᠶ᠋ᠢᠨ ᠳᠤᠮᠳᠠᠴᠢ ᠡᠴᠠ ᠬᠣᠶᠠᠷ ᠳᠠᠬᠢᠨ ᠶᠡᠬᠡ ᠶᠤᠮ ᠃ ᠳᠡᠯᠡᠬᠡᠢ ᠶ᠋ᠢᠨ ᠡᠷᠡᠭᠦᠯ ᠮᠡᠨᠳᠦ ᠶ᠋ᠢᠨ ᠪᠠᠶᠢᠭᠤᠯᠭ᠎ᠠ ᠶ᠋ᠢᠨ 2016 ᠣᠨ ᠤ ᠰᠲ᠋ᠠᠲ᠋ᠢᠰᠲ᠋ᠢᠺ ᠡᠴᠡ ᠬᠠᠷᠠᠬᠤ ᠳᠦ ᠡᠷᠡᠭᠲᠡᠢ ᠂ ᠡᠮᠡᠭᠲᠡᠢ ᠬᠥᠮᠥᠰ  ᠤᠨ ᠳᠤᠮᠳᠠᠴᠢ ᠨᠠᠰᠤᠯᠠᠯᠲᠠ ᠶ᠋ᠢᠨ ᠵᠦᠷᠢᠶ᠎ᠡ ᠬᠠᠮᠤᠭ ᠤᠨ ᠥᠨᠳᠥᠷ ᠤᠯᠤᠰ ᠤᠳ ᠡᠴᠠ 12 ᠳ᠋ᠤᠭᠠᠷ ᠲᠤ ᠂ ᠠᠽᠢᠶ᠎ᠠ ᠂ ᠨᠣᠮᠣᠬᠠᠨ ᠳᠠᠯᠠᠢ ᠶ᠋ᠢᠨ ᠪᠦᠰᠡ ᠶ᠋ᠢᠨ ᠬᠤᠪᠢ ᠳᠤ ᠬᠣᠶᠠᠳᠤᠭᠠᠷ ᠲᠤ ᠵᠢᠭᠰᠠᠵᠤ ᠪᠠᠶᠢᠨ᠎ᠠ ᠃

ᠰᠡᠳᠬᠢᠭᠳᠡᠯ ᠦᠯᠡᠳᠡᠭᠡᠬᠦ