ᠶᠠᠫᠤᠨ  ᠲᠠᠢ ᠪᠠᠲᠤᠯᠠᠨ ᠬᠠᠮᠠᠭᠠᠯᠠᠬᠤ ᠰᠠᠯᠪᠤᠷᠢ ᠶ᠋ᠢᠨ ᠬᠠᠮᠲᠤ ᠶ᠋ᠢᠨ ᠠᠵᠢᠯᠯᠠᠭ᠎ᠠ ᠪᠠᠨ ᠥᠷᠭᠡᠵᠢᠭᠦᠯᠦᠨ᠎ᠡ | News.MN

ᠶᠠᠫᠤᠨ  ᠲᠠᠢ ᠪᠠᠲᠤᠯᠠᠨ ᠬᠠᠮᠠᠭᠠᠯᠠᠬᠤ ᠰᠠᠯᠪᠤᠷᠢ ᠶ᠋ᠢᠨ ᠬᠠᠮᠲᠤ ᠶ᠋ᠢᠨ ᠠᠵᠢᠯᠯᠠᠭ᠎ᠠ ᠪᠠᠨ ᠥᠷᠭᠡᠵᠢᠭᠦᠯᠦᠨ᠎ᠡ

ᠪᠠᠲᠤᠯᠠᠨ ᠬᠠᠮᠠᠭᠠᠯᠠᠬᠤ ᠶᠠᠮᠤᠨ ᠤ ᠰᠠᠶᠢᠳ ᠨ᠊ · ᠡᠩᠬᠡᠪᠣᠯᠣᠳ ᠶᠠᠫᠤᠨ ᠤᠯᠤᠰ ᠤᠨ ᠪᠠᠲᠤᠯᠠᠨ ᠬᠠᠮᠠᠭᠠᠯᠠᠬᠤ ᠶ᠋ᠢᠨ ᠰᠠᠶᠢᠳ  ᠺᠤᠨᠤ᠋ ᠲᠠᠷᠤ᠋ ᠲᠠᠢ 2020 ᠣᠨ ᠤ 6 ᠳ᠋ᠤᠭᠠᠷ ᠰᠠᠷ᠎ᠠ ᠶ᠋ᠢᠨ 1 ᠤ ᠡᠳᠦᠷ ᠴᠠᠬᠢᠮ ᠠᠭᠤᠯᠵᠠᠯᠲᠠ ᠬᠢᠯ᠎ᠡ ᠃ ᠬᠤᠶᠠᠷ ᠲᠠᠯ᠎ᠠ ᠪᠦᠰᠡ ᠨᠤᠲᠤᠭ ᠤᠨ ᠠᠶᠤᠯᠭᠦᠢ ᠪᠠᠶᠢᠳᠠᠯ ᠤᠨ ᠲᠠᠯ᠎ᠠ ᠪᠡᠷ ᠵᠥᠪᠯᠡᠯᠳᠦᠵᠦ ᠂ ᠮᠣᠩᠭᠣᠯ᠂ ᠶᠠᠫᠤᠨ ᠤ ᠪᠠᠲᠤᠯᠠᠨ ᠬᠠᠮᠠᠭᠠᠯᠠᠬᠤ ᠰᠠᠯᠪᠤᠷᠢ ᠶ᠋ᠢᠨ ᠬᠠᠷᠢᠯᠴᠠᠭ᠎ᠠ ᠪᠦᠬᠦ ᠲᠦᠪᠰᠢᠨ ᠦ ᠬᠠᠷᠢᠯᠴᠠᠨ ᠠᠶᠢᠯᠴᠢᠯᠠᠯ ᠂ ᠵᠥᠪᠯᠡᠯᠳᠦᠬᠦ ᠠᠭᠤᠯᠵᠠᠯᠲᠠ ᠬᠢᠬᠦ ᠂ ᠴᠡᠷᠢᠭ  ᠤᠨ ᠪᠣᠯᠪᠠᠰᠤᠨ ᠬᠦᠴᠦᠨ ᠢ ᠰᠤᠷᠭᠠᠵᠤ ᠪᠡᠯᠡᠳᠬᠡᠬᠦ ᠂ ᠬᠠᠮᠲᠤᠷᠠᠭᠰᠠᠨ ᠰᠤᠷᠭᠠᠯᠲᠠ ᠳᠠᠳᠤᠯᠭ᠎ᠠ ᠶᠠᠪᠤᠭᠤᠯᠬᠤ ᠵᠡᠷᠭᠡ ᠥᠷᠭᠡᠨ ᠬᠦᠷᠢᠶᠡᠨ ᠳ᠋ᠥ ᠬᠥᠭᠵᠢᠵᠦ ᠪᠤᠢ ᠶ᠋ᠢ ᠲᠡᠮᠳᠡᠭᠯᠡᠨ᠂ ᠶᠠᠫᠤᠨ ᠤ ᠥᠪᠡᠷ ᠢ ᠪᠡᠨ ᠬᠠᠮᠠᠭᠠᠯᠠᠬᠤ ᠬᠦᠴᠦᠨ ᠮᠣᠩᠭᠣᠯ ᠤᠯᠤᠰ ᠤᠨ ᠵᠡᠪᠰᠡᠭᠲᠦ ᠬᠦᠴᠦᠨ ᠲᠠᠢ ᠬᠠᠮᠲᠤᠷᠠᠭᠰᠠᠨ ︽ ᠴᠢᠳᠠᠪᠬᠢ ᠶ᠋ᠢ ᠳᠡᠭᠡᠭᠰᠢᠯᠡᠭᠦᠯᠬᠦ ᠬᠥᠲᠥᠯᠪᠦᠷᠢ ︾  ᠶᠢᠨ ᠬᠦᠷᠢᠶᠡᠨ ᠳ᠋ᠥ ᠴᠡᠷᠢᠭ  ᠤᠨ ᠢᠨᠵᠧᠨᠧᠷ ᠂ ᠴᠡᠷᠢᠭ  ᠤᠨ ᠡᠮᠨᠡᠯᠭᠡ ᠶ᠋ᠢᠨ ᠴᠢᠭᠯᠡᠯ ᠢᠶ᠋ᠡᠷ ᠬᠠᠮᠲᠤᠷᠠᠭᠰᠠᠨ ᠰᠤᠷᠭᠠᠯᠲᠠ ᠂ ᠳᠠᠳᠤᠯᠭ᠎ᠠ ᠶ᠋ᠢ ᠴᠠᠭᠠᠰᠢᠳᠠ ᠠᠮᠵᠢᠯᠲᠠᠲᠠᠢ ᠦᠷᠭᠦᠯᠵᠢᠯᠡᠭᠦᠯᠦᠨ ᠂ ᠬᠡᠷᠡᠭᠵᠢᠭᠦᠯᠬᠦ ᠳ᠋ᠥ ᠰᠠᠨᠠᠯ ᠨᠢᠭᠡᠳᠪᠡ ᠃

ᠺᠣᠷᠣᠨᠠ ᠸᠢᠷᠦ᠋ᠰ   ᠡᠴᠠ ᠪᠤᠯᠵᠤ ᠲᠦᠷ ᠬᠤᠭᠤᠴᠠᠭ᠎ᠠ ᠪᠡᠷ ᠬᠤᠢᠰᠢᠯᠠᠭᠳᠠᠭᠠᠳ ᠪᠠᠶᠢᠭ᠎ᠠ ᠲᠥᠯᠥᠪᠯᠡᠭᠳᠡᠭᠰᠡᠨ ᠠᠶᠢᠯᠴᠢᠯᠠᠯ ᠂ ᠭᠠᠳᠠᠭᠠᠳᠤ ᠠᠷᠭ᠎ᠠ ᠬᠡᠮᠵᠢᠶ᠎ᠡ ᠶ᠋ᠢ ᠴᠠᠷ᠎ᠠ ᠲᠠᠬᠤᠯ ᠤᠨ ᠨᠥᠬᠥᠴᠡᠯ ᠪᠠᠶᠢᠳᠠᠯ ᠰᠠᠶᠢᠵᠢᠷᠠᠭᠰᠠᠨ ᠤ ᠳᠠᠷᠠᠭ᠎ᠠ ᠬᠡᠪ  ᠤᠨ ᠦᠷᠭᠦᠯᠵᠢᠯᠡᠭᠦᠯᠬᠦ ᠪᠡᠷ ᠲᠣᠬᠢᠷᠠᠯᠴᠠᠯ᠎ᠠ ᠃

 

ᠰᠡᠳᠬᠢᠭᠳᠡᠯ ᠦᠯᠡᠳᠡᠭᠡᠬᠦ