ᠫᠶᠤᠨᠴᠠᠨ ᠤ ᠣᠯᠢᠮᠫᠢᠺ ᠤᠨ ᠠᠪᠤᠷᠭᠤ ᠠᠯᠢᠶᠠᠨᠠ ᠽᠢᠭᠠᠲ᠋ᠤᠸ᠎ᠠ ᠶᠢ ᠣᠯᠢᠮᠫᠢᠺ ᠤᠨ ᠰᠲ᠋ᠢᠯᠢ ᠶ᠋ᠢᠨ ᠰᠢᠲᠦᠭᠡᠨ ᠬᠡᠮᠡᠨ ᠬᠦᠯᠢᠶᠡᠨ ᠵᠥᠪᠰᠢᠶᠡᠷᠡᠭᠳᠡᠯᠡ ᠃ ᠣᠯᠠᠨ ᠤᠯᠤᠰ ᠤᠨ ᠣᠯᠢᠮᠫᠢᠺ ᠤᠨ ᠬᠣᠷᠢᠶᠠᠨ ᠡᠴᠠ ᠶᠠᠪᠤᠭᠤᠯᠤᠭᠰᠠᠨ ᠰᠠᠨᠠᠯ ᠠᠰᠠᠭᠤᠯᠭ᠎ᠠ ᠳᠦ ᠤᠷᠠᠨ ᠭᠤᠯᠭᠤᠭᠴᠢ ᠪᠦᠰᠡᠭᠦᠢ ᠬᠣᠯᠠ ᠲᠠᠰᠤᠷᠬᠠᠢ ᠲᠦᠷᠦᠭᠦᠯᠡᠵᠡᠢ ᠃ 18 ᠨᠠᠰᠤᠲᠠᠢ ᠣᠷᠣᠰ ᠪᠦᠰᠡᠭᠦᠢ ᠂ ᠠᠮᠧᠷᠢᠺᠠ ᠶ᠋ᠢᠨ ᠤᠷᠠᠨ ᠭᠤᠯᠭᠤᠭᠴᠢ ᠵᠤᠨᠨᠢ ᠸᠸᠢᠢᠷ ᠦᠨ ᠬᠠᠮᠲᠤ ᠰᠠᠨᠠᠯ ᠬᠤᠷᠢᠶᠠᠯᠲᠠ ᠶ᠋ᠢᠨ ᠰᠡᠭᠦᠯ ᠤᠨ ᠱᠠᠲᠤᠨ ᠳᠤ ᠲᠤᠨᠤᠵᠤ ᠦᠯᠡᠳᠡᠭᠡᠳ ᠪᠠᠶᠢᠪᠠ ᠃ ᠠᠯᠢᠶᠠᠨᠠ 62 ᠬᠤᠪᠢ ᠶ᠋ᠢᠨ ᠰᠠᠨᠠᠯ ᠠᠪᠤᠭᠰᠠᠨ ᠪᠣᠯ ᠸᠸᠢᠢᠷ 38 ᠬᠤᠪᠢ ᠲᠠᠢ ᠤᠳᠠᠭᠠᠯᠠᠯ᠎ᠠ ᠃
︽ᠮᠢᠨᠤ ᠲᠥᠯᠥᠭᠡ ᠰᠠᠨᠠᠯ ᠥᠭᠭᠦᠭᠰᠡᠨ ᠪᠦᠬᠦ ᠬᠥᠮᠥᠨ ᠳ᠋ᠥ ᠪᠠᠶᠠᠷᠯᠠᠯ᠎ᠠ ᠃ ᠲᠠ ᠨᠠᠷ ᠬᠠᠮᠤᠭ ᠤᠨ ᠰᠢᠯᠢᠳᠡᠭ ᠦᠳ ︾ᠭᠡᠵᠦ ᠽᠢᠭᠠᠲ᠋ᠤᠸ᠎ᠠ Instagram ᠬᠠᠭᠤᠳᠠᠰᠤᠨ ᠳ᠋ᠤ ᠪᠠᠨ ᠣᠷᠣᠰ ᠂ ᠠᠩᠭᠯᠢ᠂ ᠶᠠᠫᠤᠨ ᠬᠡᠯᠡ ᠪᠡᠷ ᠪᠢᠴᠢᠭᠰᠡᠨ ᠪᠠᠶᠢᠪᠠ ᠃ 18 ᠨᠠᠰᠤᠲᠠᠢ ᠽᠢᠭᠠᠲ᠋ᠤᠸ᠎ᠠ ᠣᠯᠢᠮᠫᠢᠺ ᠤᠨ ᠠᠪᠤᠷᠭᠤ ᠲᠡᠳᠦᠢ ᠦᠭᠡᠢ ᠲᠢᠪ ᠂ ᠳᠡᠯᠡᠬᠡᠢ ᠶ᠋ᠢᠨ ᠠᠪᠤᠷᠭᠤ ᠂ ᠳᠡᠯᠡᠬᠡᠢ ᠶ᠋ᠢᠨ ᠴᠣᠮᠣ ᠶ᠋ᠢᠨ ᠠᠪᠤᠷᠭᠤ ᠴᠣᠯᠠ ᠲᠠᠢ ᠃