ᠨᠡᠷ᠎ᠡ ᠳᠡᠪᠰᠢᠭᠴᠢᠳ ᠦᠨ ᠪᠠᠷᠢᠮᠲᠠ ᠪᠢᠴᠢᠭ ᠢ ᠬᠦᠯᠢᠶᠡᠨ ᠠᠪᠴᠤ ᠳᠠᠭᠤᠰᠤᠯ᠎ᠠ | News.MN

ᠨᠡᠷ᠎ᠡ ᠳᠡᠪᠰᠢᠭᠴᠢᠳ ᠦᠨ ᠪᠠᠷᠢᠮᠲᠠ ᠪᠢᠴᠢᠭ ᠢ ᠬᠦᠯᠢᠶᠡᠨ ᠠᠪᠴᠤ ᠳᠠᠭᠤᠰᠤᠯ᠎ᠠ

ᠮᠣᠩᠭᠣᠯ ᠤᠯᠤᠰ ᠤᠨ ᠶᠡᠬᠡ ᠬᠤᠷᠠᠯ ᠤᠨ ᠰᠣᠩᠭᠣᠭᠤᠯᠢ ᠶ᠋ᠢᠨ ᠲᠤᠬᠠᠢ ᠬᠠᠤᠯᠢ ᠶ᠋ᠢᠨ 32 ᠳ᠋ᠤᠭᠠᠷ ᠵᠦᠢᠯ  ᠤᠨ 32.2 ᠂ 32.3 ᠳ᠋ᠡᠬᠢ ᠬᠡᠰᠡᠭ ᠲᠥ ᠵᠢᠭᠠᠭᠰᠠᠨ ᠤ ᠳᠠᠭᠠᠤ ᠤᠯᠤᠰ ᠤᠨ ᠶᠡᠬᠡ ᠬᠤᠷᠠᠯ ᠤᠨ 2020 ᠣᠨ ᠤ ᠡᠭᠡᠯᠵᠢᠲᠦ ᠰᠣᠩᠭᠣᠭᠤᠯᠢ ᠳᠤ ᠨᠡᠷ᠎ᠡ ᠳᠡᠪᠰᠢᠭᠴᠢᠳ ᠦᠨ ᠪᠠᠷᠢᠮᠲᠠ ᠪᠢᠴᠢᠭ ᠢ 5 ᠳ᠋ᠤᠭᠠᠷ ᠰᠠᠷ᠎ᠠ ᠶ᠋ᠢᠨ 22 ᠤ ᠡᠳᠦᠷ  ᠤᠨ 00:00 ᠴᠠᠭ ᠬᠦᠷᠲᠡᠯ᠎ᠡ ᠬᠦᠯᠢᠶᠡᠨ ᠠᠪᠴᠤ ᠳᠠᠭᠤᠰᠤᠯ᠎ᠠ ᠃ ᠰᠣᠩᠭᠣᠭᠤᠯᠢ ᠳᠤ ᠣᠷᠣᠯᠴᠠᠬᠤ ᠪᠠᠷ ᠪᠦᠷᠢᠳᠬᠡᠭᠳᠡᠭᠰᠡᠨ 13 ᠨᠠᠮ ᠂ 4 ᠡᠪᠰᠡᠯ ᠡᠴᠡ ᠨᠡᠷ᠎ᠡ ᠳᠡᠪᠰᠢᠭᠴᠢᠳ ᠦᠨ ᠢᠶ᠋ᠡᠨ ᠪᠠᠷᠢᠮᠲᠠ ᠪᠢᠴᠢᠭ ᠢ ᠂ ᠲᠡᠭᠦᠨᠴᠢᠯᠡᠨ 137 ᠪᠡᠶ᠎ᠡ ᠳᠠᠭᠠᠭᠠᠨ ᠨᠡᠷ᠎ᠡ ᠪᠡᠨ  ᠳᠡᠪᠰᠢᠭᠦᠯᠦᠭᠴᠢᠳ ᠬᠠᠤᠯᠢ ᠳᠤ ᠵᠢᠭᠠᠭᠰᠠᠨ ᠬᠤᠭᠤᠴᠠᠭᠠᠨ ᠳᠤ ᠪᠠᠭᠲᠠᠭᠠᠨ ᠬᠣᠯᠪᠣᠭᠳᠠᠬᠤ ᠪᠠᠷᠢᠮᠲᠠ ᠪᠢᠴᠢᠭ ᠢ ᠬᠦᠯᠢᠶᠡᠯᠭᠡᠨ ᠥᠭᠭᠦᠭᠰᠡᠨ ᠪᠠᠶᠢᠨ᠎ᠠ ᠃

ᠰᠣᠩᠭᠣᠭᠤᠯᠢ ᠶ᠋ᠢᠨ ᠶᠡᠷᠦᠩᠬᠡᠢ ᠬᠣᠷᠢᠶ᠎ᠠ ᠨᠡᠷ᠎ᠡ ᠳᠡᠪᠰᠢᠭᠴᠢᠳ ᠦᠨ ᠪᠠᠷᠢᠮᠲᠠ ᠪᠢᠴᠢᠭ ᠢ ᠬᠦᠯᠢᠶᠡᠨ ᠠᠪᠤᠭᠰᠠᠨ ᠡᠳᠦᠷ ᠡᠴᠡ ᠬᠣᠶᠢᠰᠢ 5 ᠬᠣᠨᠣᠭ ᠤᠨ ᠳᠣᠲᠣᠷ᠎ᠠ ᠨᠢᠭᠲᠠᠯᠠᠨ ᠰᠢᠯᠭᠠᠵᠤ ᠂ ᠪᠦᠷᠢᠳᠬᠡᠬᠦ ᠡᠰᠡᠬᠦ ᠠᠰᠠᠭᠤᠳᠠᠯ ᠢ ᠰᠢᠢᠳᠪᠦᠷᠢᠯᠡᠬᠦ ᠶᠤᠮ ᠃ ᠨᠡᠷ᠎ᠡ ᠳᠡᠪᠰᠢᠭᠴᠢᠳ ᠦᠨ ᠪᠠᠷᠢᠮᠲᠠ ᠪᠢᠴᠢᠭ ᠢ ᠬᠦᠯᠢᠶᠡᠨ ᠠᠪᠬᠤ ᠠᠵᠢᠯ ᠢ ᠤᠯᠤᠰ ᠤᠨ ᠤᠨᠴᠠᠭᠠᠢ ᠺᠤᠮᠢᠰ ᠡᠴᠠ ᠥᠭᠭᠦᠭᠰᠡᠨ ᠵᠥᠪᠯᠡᠮᠵᠢ ᠶ᠋ᠢᠨ ᠳᠠᠭᠠᠤ ᠵᠣᠬᠢᠶᠠᠨ ᠪᠠᠶᠢᠭᠤᠯᠤᠯ᠎ᠠ ᠃

 

ᠰᠡᠳᠬᠢᠭᠳᠡᠯ ᠦᠯᠡᠳᠡᠭᠡᠬᠦ