ᠪ᠊·ᠮᠦᠩᠬᠡᠲᠤᠶᠠᠭ᠎ᠠ ᠄  ︽ ᠬᠤᠷᠳᠤ ︾ ᠶᠢᠨ ᠳᠠᠭᠤᠤ ᠡᠴᠠ ᠰᠡᠳᠦᠪᠯᠡᠨ ᠬᠣᠶᠠᠷ ᠴᠦ ᠺᠢᠨᠣ᠋ ᠵᠣᠬᠢᠶᠠᠯ ᠪᠢᠴᠢᠭᠰᠡᠨ | News.MN

ᠪ᠊·ᠮᠦᠩᠬᠡᠲᠤᠶᠠᠭ᠎ᠠ ᠄  ︽ ᠬᠤᠷᠳᠤ ︾ ᠶᠢᠨ ᠳᠠᠭᠤᠤ ᠡᠴᠠ ᠰᠡᠳᠦᠪᠯᠡᠨ ᠬᠣᠶᠠᠷ ᠴᠦ ᠺᠢᠨᠣ᠋ ᠵᠣᠬᠢᠶᠠᠯ ᠪᠢᠴᠢᠭᠰᠡᠨ

 

ᠴᠢᠨᠤᠨ ᠭᠤᠸ᠎ᠠ ᠹᠢᠯᠢᠮ ᠦᠨ ᠵᠠᠬᠢᠷᠤᠯ ᠂ ᠫᠷᠣᠳᠢᠤᠰᠸᠷ ᠂ ᠺᠢᠨᠣ᠋ ᠵᠣᠬᠢᠶᠠᠯᠴᠢ ᠪ᠊ · ᠮᠦᠩᠬᠡᠲᠤᠶᠠᠭ᠎ᠠ  ᠶᠢ ︽ ᠨᠢᠮ᠎ᠠ ᠶ᠋ᠢᠨ ᠵᠣᠴᠢᠨ ︾ ᠢᠶᠠᠷ ᠤᠷᠢᠯ᠎ᠠ ᠃

 ᠲᠠᠨ ᠢ ︽ ᠬᠤᠷᠳᠤ ︾ᠬᠠᠮᠲᠤᠯᠢᠭ ᠤᠨ ᠰᠢᠲᠦᠨ ᠪᠢᠰᠢᠷᠡᠭᠴᠢ ᠭᠡᠵᠦ ᠰᠣᠨᠣᠰᠤᠭᠰᠠᠨ ᠃ ᠲᠤᠰ ᠬᠠᠮᠲᠤᠯᠢᠭ ᠤᠨ ᠬᠣᠶᠠᠷ ᠴᠦ ᠳᠠᠭᠤᠤ ᠡᠴᠠ ᠰᠡᠳᠦᠪᠯᠡᠨ ᠺᠢᠨᠣ᠋ ᠵᠣᠬᠢᠶᠠᠯ ᠪᠢᠴᠢᠵᠦ ᠂ ᠣᠯᠠᠨ ᠳᠤ ᠬᠦᠷᠭᠡᠭᠰᠡᠨ ᠪᠠᠶᠢᠬᠤ ᠠ᠋ ︖

 ᠶᠣᠰᠣᠲᠠᠢ ᠦᠨᠡᠨᠴᠢ ᠰᠢᠲᠦᠨ ᠪᠢᠰᠢᠷᠡᠭᠴᠢ ᠃ ᠪᠦᠬᠦ ᠴᠣᠮᠣᠭ ᠨᠢ ᠪᠤᠢ ᠃ ︽ ᠪᠤᠴᠠᠭᠠᠵᠤ ᠨᠡᠬᠡᠬᠦ ᠦᠭᠡᠢ ᠬᠠᠶᠢᠷ᠎ᠠ ︾ ᠺᠢᠨᠣ᠋ ᠶ᠋ᠢᠨ ᠵᠣᠬᠢᠶᠠᠯ ᠢᠶᠡᠨ ︽ ᠬᠤᠷᠳᠤ ︾ᠬᠠᠮᠲᠤᠯᠢᠭ ᠤᠨ ᠢᠵᠢᠯᠢ ᠨᠡᠷᠡᠲᠦ ᠳᠠᠭᠤᠤ ᠡᠴᠠ ᠰᠡᠳᠦᠪᠯᠡᠨ ᠪᠢᠴᠢᠭᠰᠡᠨ ᠃ ︽ ᠬᠤᠷᠳᠤ ︾ ᠶᠢᠨ ᠬᠢᠨ ᠴᠦ ᠨᠠᠮ᠎ᠠ ᠶ᠋ᠢ ᠳᠡᠮᠵᠢᠵᠦ ᠂ ᠲᠤᠰ ᠳᠠᠭᠤᠤ ᠪᠠᠨ ᠺᠢᠨᠣ᠋ ᠶ᠋ᠢᠨ ᠦᠨᠳᠦᠰᠦᠨ ᠳᠠᠭᠤ ᠪᠡᠷ ᠠᠰᠢᠭᠯᠠᠬᠤ ᠶ᠋ᠢ ᠵᠥᠪᠰᠢᠶᠡᠷᠡᠭᠰᠡᠨ ᠃ ᠳᠠᠷᠠᠭ᠎ᠠ ᠨᠢ ︽ᠳᠤᠲᠠᠭᠤ ᠣᠷᠬᠢᠭᠰᠠᠨ ᠵᠢᠷᠭᠠᠯ ︾ ᠳᠠᠭᠤᠤ ᠡᠴᠠ ᠨᠢ ᠰᠡᠳᠦᠪᠯᠡᠨ ︽ ᠳᠤᠲᠠᠭᠤ ᠡᠳ᠋ᠯᠡᠭᠰᠡᠨ ᠵᠢᠷᠭᠠᠯ ︾ ᠺᠢᠨᠣ᠋ ᠪᠠᠨ ᠪᠦᠲᠦᠭᠡᠭᠰᠡᠨ ᠃

 ᠳᠠᠷᠠᠭ᠎ᠠ ᠶ᠋ᠢᠨ ᠤᠷᠠᠨ ᠪᠦᠲᠦᠭᠡᠯ ᠢᠶ᠋ᠡᠨ ᠲᠥᠯᠥᠪᠯᠡᠭᠰᠡᠨ ‍ᠦᠦ ︖

 ︽ᠥᠬᠢᠨ ᠲᠩᠷᠢ ︾ᠨᠡᠷ᠎ᠡ ᠲᠠᠢ ᠵᠣᠬᠢᠶᠠᠯ ᠪᠡᠯᠡᠨ ᠪᠤᠢ ᠃ ᠪᠠᠶᠢᠭᠠᠯᠢ ᠡᠬᠡ ᠂ ᠬᠥᠮᠥᠨ  ᠤ ᠠᠮᠢᠳᠤᠷᠠᠯ ᠢ ᠵᠡᠷᠭᠡᠴᠡᠭᠦᠯᠦᠨ ᠬᠠᠷᠠᠭᠤᠯᠤᠭᠰᠠᠨ ᠺᠢᠨᠣ᠋ ᠃

 ᠬᠠᠲᠤᠳ ᠤᠨ ᠲᠤᠬᠠᠢ ᠴᠤᠪᠤᠷᠠᠯ ᠺᠢᠨᠣ᠋ ᠪᠠᠨ ᠬᠡᠵᠢᠶ᠎ᠡ ᠬᠢᠵᠦ ᠡᠬᠢᠯᠡᠬᠦ ᠪᠣᠯ ︖

 ᠣᠳᠣ ᠪᠡᠷ  ᠴᠢᠨᠤᠨ ᠭᠤᠸ᠎ᠠ᠂ ᠠᠯᠤᠨ ᠭᠤᠸ᠎ᠠ ᠂ ᠥᠭᠡᠯᠦᠨ ᠂ ᠰᠤᠷᠬᠤᠭᠲᠤᠨ ᠪᠡᠬᠢ ᠂ ᠴᠢᠩᠭᠢᠰ ᠬᠠᠭᠠᠨ ᠤ ᠪᠥᠷᠲᠡ ᠂ ᠶᠢᠰᠦᠢ ᠂ ᠶᠢᠰᠦᠭᠡᠨ ᠂ ᠬᠤᠯᠠᠨ ᠨᠠᠷ ᠤᠨ ᠳᠥᠷᠪᠡᠨ ᠬᠠᠲᠤᠨ ᠂  ᠰᠤᠷᠬᠠᠨ ᠰᠢᠷ᠎ᠠ ᠶᠢᠨ ᠥᠬᠢᠨ ᠬᠠᠳᠠᠭᠠᠨ ᠨᠠᠷ ᠤᠨ ᠲᠡᠦᠬᠡ ᠡᠴᠡ ᠰᠡᠳᠦᠪᠯᠡᠭᠰᠡᠨ ᠺᠢᠨᠣ᠋ ᠵᠣᠬᠢᠶᠠᠯ ᠪᠡᠯᠡᠨ ᠪᠠᠶᠢᠨ᠎ᠠ ᠃ ᠵᠥᠪᠬᠡᠨ ᠮᠣᠩᠭᠣᠯ ᠤᠨ ᠲᠡᠦᠬᠡᠨ ᠡᠬᠢ ᠰᠤᠷᠪᠤᠯᠵᠢ ᠨᠣᠭᠣᠳ ᠂ ᠵᠣᠬᠢᠶᠠᠯ ᠤᠳ ᠡᠴᠠ ᠭᠠᠳᠠᠨ᠎ᠠ ᠭᠠᠳᠠᠭᠠᠳᠤ ᠶ᠋ᠢᠨ ᠣᠷᠴᠢᠭᠤᠯᠭ᠎ᠠ ᠶ᠋ᠢᠨ ᠪᠦᠲᠦᠭᠡᠯ  ᠤᠳ ᠢ ᠨᠡᠯᠢᠶᠡᠳ ᠰᠤᠳᠤᠯᠵᠤ ᠪᠠᠶᠢᠭ᠎ᠠ ᠃

ᠰᠡᠳᠬᠢᠭᠳᠡᠯ ᠦᠯᠡᠳᠡᠭᠡᠬᠦ