ᠥᠩᠭᠡᠷᠡᠭᠴᠢ ᠬᠤᠶᠠᠳᠤᠭᠠᠷ ᠰᠠᠷ᠎ᠠ ᠳᠤ ᠮᠡᠷᠭᠡᠵᠢᠯ ᠤᠨ ᠪᠣᠺᠰ ᠤᠨ WBC ᠬᠤᠯᠪᠣᠭᠠᠨ ᠪ 57.2 ᠺᠢᠯᠦᠭᠷᠡᠮ ᠦᠨ ᠵᠢᠩ ᠳ᠋ᠦ ᠳᠡᠯᠡᠬᠡᠢ ᠵᠢᠨ ᠠᠪᠤᠷᠭᠤ ᠵᠢᠨ ᠪᠦᠰᠡ ᠶᠢᠨ ᠲᠥᠯᠦᠭᠡᠬᠢ ᠲᠤᠯᠤᠭᠠᠨ ᠳᠦ ᠠᠮᠧᠷᠢᠺᠠ ᠵᠢᠨ ᠲᠠᠮᠢᠷᠴᠢᠨ ᠂ ᠳᠡᠯᠡᠬᠡᠢ ᠵᠢᠨ ᠠᠪᠤᠷᠭᠤ ᠭᠸᠷᠢ ᠷᠠᠰᠰᠸᠯ ᠲᠠᠢ ᠲᠤᠯᠤᠯᠳᠤᠭᠰᠠᠨ ᠨ᠊ ·ᠲᠡᠭᠦᠰᠴᠤᠭᠲᠤ ᠯᠠᠰ ᠸᠸᠭᠠᠰᠲ ᠪᠡᠯᠡᠳᠬᠡᠯ ᠵᠢᠨᠨ ᠪᠠᠵᠠᠭᠠᠵᠤ ᠪᠤᠢ ᠃ ᠴᠠᠷ᠎ᠠ ᠲᠠᠬᠤᠯ ᠤᠨ ᠬᠤᠷᠢᠭ᠎ᠠ ᠳᠠᠭᠤᠰᠤᠮᠠᠭᠴᠠ ᠳᠠᠰᠬᠠᠯᠵᠢᠭᠤᠯᠤᠭᠴᠢ ᠢᠰᠮᠠᠯ ᠰᠠᠯᠠᠰ ᠤᠨ ᠤᠳᠤᠷᠢᠳᠤᠯᠭ᠎ᠠ ᠳᠤ ᠰᠢᠷᠭᠠᠭᠤ ᠪᠤᠯᠪᠠᠰᠤᠷᠠᠵᠤ ᠂ ᠡᠨᠡ ᠵᠢᠯ ᠭᠤᠷᠪᠠᠨ ᠲᠤᠯᠤᠭᠠᠨ ᠬᠢᠬᠦ ᠪᠡᠷ ᠵᠤᠷᠢᠵᠤ ᠪᠠᠢᠢᠨ᠎ᠠ ᠃ ᠨ᠊·ᠲᠡᠭᠦᠰᠴᠤᠭᠲᠤ ᠵᠢᠨ ᠵᠢᠩ ᠳ᠋ᠦ ᠣᠳᠣ ᠪᠡᠷ ᠠᠮᠧᠷᠢᠺᠠ ᠵᠢᠨ ᠵᠸᠸᠰᠰᠢ ᠮᠠᠭᠳᠠᠯᠸᠨᠤ᠋ ︵ 26 ᠲᠤᠯᠤᠭᠠᠨ ᠂ 25 ᠢᠯᠠᠯᠲᠠ ᠂ ᠨᠢᠭᠡ ᠢᠯᠠᠭᠳᠠᠯ ᠲᠠᠢ ︶ ᠴᠢᠨᠰᠠᠭ᠎ᠠ ᠪᠠᠷ ᠵᠢᠨᠨ ᠲᠡᠷᠢᠭᠦᠯᠡᠵᠦ ᠪᠠᠢᠢᠭ᠎ᠠ ᠪᠣᠯ ᠪᠠᠷᠢᠲ᠋ᠠᠨ ᠪ ᠪᠣᠺᠰᠴᠢᠨ ᠠᠪᠳᠤᠷ ᠪᠸᠷᠢ ᠠᠸᠠᠳ᠋︵ 28 ᠲᠤᠯᠤᠭᠠᠨ ᠂ 27 ᠢᠯᠠᠯᠲᠠ ᠂ ᠨᠢᠭᠡ ᠢᠯᠠᠭᠳᠠᠯ ︶ ᠰᠢᠯᠢ ᠳᠠᠷᠤᠵᠤ ᠪᠠᠢᠢᠨ᠎ᠠ ᠃