ᠴᠠᠢ  ᠸᠸᠨ ᠷᠦᠢ ᠪᠠᠲᠤᠴᠡᠴᠡᠭ ᠲᠠᠢ ᠠᠭᠤᠯᠵᠠᠪᠠ | News.MN

ᠴᠠᠢ  ᠸᠸᠨ ᠷᠦᠢ ᠪᠠᠲᠤᠴᠡᠴᠡᠭ ᠲᠠᠢ ᠠᠭᠤᠯᠵᠠᠪᠠ

ᠭᠠᠳᠠᠭᠠᠳᠤ ᠬᠠᠷᠢᠯᠴᠠᠭᠠᠨ ᠪ ᠳᠡᠳ᠋ ᠰᠠᠢᠢᠳ ᠪ᠊·ᠪᠠᠲᠤᠴᠡᠴᠡᠭ 2020 ᠣᠨ ᠪ 5 ᠳ᠋ᠤᠭᠠᠷ ᠰᠠᠷ᠎ᠠ ᠵᠢᠨ 15 ᠪ ᠡ‍ᠳᠦᠷ ᠬᠢᠲᠠᠳ ᠡᠴᠠ ᠮᠤᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡ‍ᠷᠬᠡᠲᠦ ᠡ‍ᠯᠴᠢᠨ ᠰᠠᠢᠢᠳ ᠴᠠᠢ  ᠸᠸᠨ ᠷᠦᠢ ᠶᠢ ᠬᠦᠯᠢᠶᠡᠨ ᠠᠪᠴᠤ ᠠᠭᠤᠯᠵᠠᠪᠠ ᠃ ᠬᠤᠶᠠᠷ ᠣᠷᠤᠨ ᠪ ᠢᠵᠢ ᠪᠦᠷᠢᠨ ᠰᠲ᠋ᠷᠠᠲ᠋ᠸᠬᠢ ᠵᠢᠨ ᠲᠦᠩᠰᠢᠯᠡᠯ  ᠤᠨ ᠬᠠᠷᠢᠯᠴᠠᠭ᠎ᠠ ᠂ ᠬᠠᠮᠲᠤ ᠵᠢᠨ ᠠᠵᠢᠯᠯᠠᠭ᠎ᠠ ᠤᠯᠠᠮ ᠪᠦᠷ ᠭᠦᠨᠵᠡᠭᠡᠢᠢᠷᠡᠨ ᠬᠥᠭᠵᠢᠵᠦ ᠪᠤᠢ ᠳ᠋ᠤ ᠰᠡᠳᠬᠢᠯ ᠬᠠᠩᠭᠠᠯᠤᠭᠤᠨ ᠪᠠᠢᠢᠭ᠎ᠠ ᠪᠠᠨ ᠲᠠᠯ᠎ᠠ ᠨᠤᠭᠤᠳ ᠢᠯᠡᠷᠬᠡᠢᠢᠯᠡᠵᠦ ᠂ ᠬᠡᠳᠦᠢᠢᠪᠡᠷ ᠤᠷᠲᠤ ᠬᠢᠯᠢ ᠪᠡᠷ ᠬᠢᠯᠢᠯᠡᠳᠡᠭ ᠴᠦ ᠥᠨᠦᠳᠦᠷ ᠊ᠢ ᠬᠦᠷᠲᠡᠯ᠎ᠡ COVID-19 ᠴᠠᠷ᠎ᠠ ᠲᠠᠬᠤᠯ  ᠤᠨ ᠬᠤᠶᠠᠷ ᠤᠯᠤᠰ  ᠤᠨ ᠬᠤᠭᠤᠷᠤᠨᠳᠤ ᠵᠦᠭᠡᠭᠡᠪᠤᠷᠢᠯᠡᠭᠳᠡᠭᠰᠡᠨ ᠲᠤᠬᠢᠶᠠᠯᠳᠤᠯ ᠪᠠᠢᠢᠬᠤ ᠦᠭᠡᠢ ᠪᠠᠢᠢᠭ᠎ᠠ ᠨᠢ ᠣᠯᠠᠨ ᠤᠯᠤᠰ ᠲᠤ ᠦᠯᠢᠭᠡᠷ ᠵᠢᠱᠢᠶ᠎ᠡ ᠬᠠᠮᠲᠤ ᠵᠢᠨ ᠠᠵᠢᠯᠯᠠᠭ᠎ᠠ ᠪᠣᠯᠵᠤ ᠪᠠᠢᠢᠭ᠎ᠠ ᠵᠢ ᠣᠨᠴᠠᠯᠠᠪᠠ ᠃ ᠴᠠᠭᠠᠰᠢᠳᠠ ᠡ‍ᠨᠡ ᠠᠮᠵᠢᠯᠲᠠ ᠵᠢ ᠪᠠᠲᠤᠳᠬᠠᠵᠤ ᠂ ᠰᠤᠨᠤᠷ ᠰᠡᠷᠡᠮᠵᠢ ᠪᠡᠨ ᠪᠠᠭᠤᠷᠠᠭᠤᠯᠬᠤ ᠦᠭᠡᠢ ᠂ ᠦᠷᠭᠦᠯᠵᠢᠯᠡᠭᠦᠯᠦᠨ ᠨᠢᠭᠲᠠ ᠬᠠᠮᠲᠤᠷᠠᠨ ᠠᠵᠢᠯᠯᠠᠬᠤ ᠱᠠᠭᠠᠷᠳᠠᠯᠭ᠎ᠠ ᠲᠠᠢ ᠪᠠᠢᠢᠭ᠎ᠠ ᠵᠢ ᠬᠤᠶᠠᠷ ᠲᠠᠯ᠎ᠠ ᠰᠠᠨᠠᠯ ᠨᠢᠭᠡᠲᠡᠢ ᠲᠡᠮᠳᠡᠭᠯᠡᠯ᠎ᠡ ᠃

ᠳᠡᠳ᠋ ᠰᠠᠢᠢᠳ ᠪ᠊ · ᠪᠠᠲᠤᠴᠡᠴᠡᠭ ᠬᠡᠯᠡᠬᠦ ᠳ᠋ᠦ ᠪᠡᠨ ᠂ COVID-19  ᠶᠢᠨ ᠦᠶ᠎ᠡ ᠳ᠋ᠦ ᠬᠢᠲᠠᠳ ᠤᠯᠤᠰ ᠣᠨᠤᠪᠴᠢᠲᠠᠢ ᠠᠷᠭ᠎ᠠ ᠬᠡᠮᠵᠢᠶ᠎ᠡ ᠵᠢ ᠰᠢᠭᠤᠷᠬᠠᠢ ᠠᠪᠴᠤ ᠂ ᠥᠨᠳᠦᠷ ᠵᠤᠬᠢᠶᠠᠨ ᠪᠠᠢᠢᠭᠤᠯᠤᠯᠲᠠ ᠵᠢᠨ ᠳᠤᠤᠷ᠎ᠠ ᠡ‍ᠪᠡᠳᠴᠢᠨ ᠪ ᠪᠠᠢᠢᠳᠠᠯ ᠊ᠢ ᠬᠢᠨᠠᠯᠲᠠ ᠳ᠋ᠤ ᠪᠠᠨ ᠠᠪᠤᠭᠰᠠᠨ ᠳ᠋ᠤ ᠪᠠᠶᠠᠷ ᠬᠦᠷᠭᠡᠭᠡᠳ ᠂ ᠡ‍ᠨᠡ ᠬᠦ ᠴᠠᠷ᠎ᠠ ᠲᠠᠬᠤᠯ ᠊ᠢ ᠳᠡᠯᠡᠬᠡᠢ ᠵᠢᠨ ᠤᠯᠤᠰ ᠣᠷᠤᠨ ᠨᠤᠭᠤᠳ ᠡ‍ᠪ ᠰᠠᠨᠠᠭᠠᠨ ᠪ ᠨᠢᠭᠡᠳᠦᠯ ᠲᠠᠢ ᠂ ᠬᠠᠮᠲᠤ ᠵᠢᠨ ᠬᠦᠴᠦ ᠪᠡᠷ ᠳᠠᠪᠠᠵᠤ ᠭᠠᠷᠬᠤ ᠨᠢ ᠴᠢᠬᠤᠯᠠ ᠭᠡᠳᠡᠭ ᠊ᠢ ᠣᠨᠴᠠᠯᠠᠪᠠ ᠃ ᠮᠥᠨ ᠲᠡᠷᠡ ᠪᠡᠷ ᠴᠠᠷ᠎ᠠ ᠲᠠᠬᠤᠯ  ᠤᠨ ᠣᠨᠴᠠᠭᠠᠢ ᠦᠶ᠎ᠡ ᠳ᠋ᠦ ᠬᠤᠶᠠᠷ ᠣᠷᠤᠨ ᠪ ᠬᠠᠷᠢᠯᠴᠠᠭ᠎ᠠ ᠂ ᠬᠠᠮᠲᠤ ᠵᠢᠨ ᠠᠵᠢᠯᠯᠠᠭ᠎ᠠ ᠵᠢ ᠬᠡᠪ  ᠤᠨ ᠦᠷᠭᠦᠯᠵᠢᠯᠡᠭᠦᠯᠬᠦ ᠴᠢᠭᠯᠡᠯ ᠵᠢᠨᠷ ᠨᠢᠭᠲᠠ ᠬᠠᠮᠲᠤᠷᠠᠵᠤ ᠠᠵᠢᠯᠯᠠᠬᠤ  ᠳᠤ ᠪᠡᠯᠡᠨ ᠪᠠᠢᠢᠭ᠎ᠠ ᠪᠠᠨ ᠢᠯᠡᠷᠬᠡᠢᠢᠯᠡᠯ᠎ᠡ ᠃

ᠰᠡᠳᠬᠢᠭᠳᠡᠯ ᠦᠯᠡᠳᠡᠭᠡᠬᠦ