ᠤᠮᠠᠷᠠᠲᠤ ᠰᠣᠯᠣᠩᠭᠣᠰ ᠤᠨ ᠤᠳᠤᠷᠢᠳᠤᠭᠴᠢ ᠺᠢᠮ ᠵᠤᠨ ᠤᠨ ᠳᠠᠬᠢᠨ ᠠᠯᠠᠭ᠎ᠠ ᠪᠣᠯᠪᠠ | News.MN

ᠤᠮᠠᠷᠠᠲᠤ ᠰᠣᠯᠣᠩᠭᠣᠰ ᠤᠨ ᠤᠳᠤᠷᠢᠳᠤᠭᠴᠢ ᠺᠢᠮ ᠵᠤᠨ ᠤᠨ ᠳᠠᠬᠢᠨ ᠠᠯᠠᠭ᠎ᠠ ᠪᠣᠯᠪᠠ

ᠬᠣᠶᠢᠲᠤ ᠰᠣᠯᠣᠩᠭᠣᠰ ᠤᠨ ᠤᠳᠤᠷᠢᠳᠤᠭᠴᠢ ᠺᠢᠮ ᠵᠤᠨ ᠤᠨ ᠲᠣᠳᠣᠷᠬᠠᠢ ᠪᠤᠰᠤ ᠰᠢᠯᠲᠠᠭᠠᠨ ᠢᠶᠠᠷ ᠳᠠᠬᠢᠨ ᠠᠯᠠᠭ᠎ᠠ ᠪᠣᠯᠵᠠᠢ ᠃ ᠡᠭᠦᠨ ᠳ᠋ᠥ  New York Post  ᠰᠣᠨᠢᠨ ᠠᠩᠬᠠᠷᠤᠯ ᠢᠶᠡᠨ ᠬᠠᠨᠳᠤᠭᠤᠯᠵᠠᠢ ᠃ ᠲᠤᠰ ᠰᠣᠨᠢᠨ ᠳᠤ ᠪᠢᠴᠢᠭᠰᠡᠨ ᠢᠶ᠋ᠡᠷ ᠪᠣᠯ ᠺᠢᠮ ᠵᠤᠨ ᠤᠨ ᠣᠯᠠᠨ ᠤ ᠡᠮᠦᠨ᠎ᠡ ᠭᠠᠷᠴᠤ ᠢᠷᠠᠯ ᠦᠭᠡᠢ ᠂ ᠶᠠᠮᠠᠷ ᠨᠢᠭᠡᠨ ᠮᠡᠳᠡᠭᠳᠡᠯ  ᠬᠢᠯᠭᠦᠢ 12 ᠡᠳᠦᠷ ᠪᠣᠯᠵᠤ ᠪᠠᠶᠢᠭ᠎ᠠ ᠠᠵᠠᠢ᠃ ᠡᠨᠡ ᠰᠠᠷ᠎ᠠ ᠶ᠋ᠢᠨ 2 ᠳ᠋ᠥ ᠺᠢᠮ ᠵᠤᠨ ᠤᠨ ᠰᠢᠨ᠎ᠡ ᠪᠣᠷᠳᠣᠭᠠᠨ ᠤ ᠦᠢᠯᠡᠳᠪᠦᠷᠢ ᠶ᠋ᠢᠨ ᠨᠡᠭᠡᠭᠡᠯᠲᠡ ᠶ᠋ᠢᠨ ᠠᠷᠭ᠎ᠠ ᠬᠡᠮᠵᠢᠶᠡᠨ ᠳ᠋ᠥ ᠣᠷᠣᠯᠴᠠᠵᠤ ᠪᠠᠶᠢᠭ᠎ᠠ ᠮᠡᠳᠡᠭᠡ ᠶ᠋ᠢ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ᠲᠥᠪ ᠲᠧᠯᠸᠢᠰ ᠰᠠᠴᠤᠭᠰᠠᠨ ᠶᠤᠮ ᠃ ᠡᠨᠡ ᠲᠠᠯ᠎ᠠ ᠪᠡᠷ ᠠᠮᠧᠷᠢᠺᠠ ᠶ᠋ᠢᠨ ᠦᠨᠳᠦᠰᠦᠨ ᠤ ᠠᠶᠤᠯᠭᠦᠢ ᠪᠠᠶᠢᠳᠠᠯ ᠤᠨ ᠵᠥᠪᠯᠡᠬᠦ ᠷᠣᠪᠸᠷᠲ᠄︽ ᠲᠡᠷᠡ ᠦᠨᠡᠬᠡᠷ ᠦᠢᠯᠡᠳᠪᠦᠷᠢ ᠶ᠋ᠢᠨ ᠨᠡᠭᠡᠭᠡᠯᠲᠡ ᠳ᠋ᠦ ᠣᠷᠣᠯᠴᠠᠵᠤ ᠂  ᠲᠤᠤᠰᠠ  ᠬᠠᠢᠴᠢᠯᠠᠭᠰᠠᠨ ᠪᠠᠶᠢᠵᠤ ᠪᠣᠯᠬᠤ ᠲᠠᠯ᠎ᠠ ᠲᠠᠢ ᠃ ᠭᠡᠬᠦ ᠳ᠋ᠦ ᠪᠡᠨ ᠡᠨᠡ ᠨᠢ ᠵᠢᠩᠬᠢᠨᠢ ᠵᠢᠷᠤᠭ ᠡᠰᠡᠬᠦ ᠶ᠋ᠢ ᠪᠢᠳᠠ ᠰᠢᠯᠭᠠᠵᠤ ᠴᠢᠳᠠᠬᠤ ᠦᠭᠡᠢ ᠪᠠᠶᠢᠨ᠎ᠠ ︾ ᠬᠡᠮᠡᠨ ᠲᠠᠶᠢᠯᠪᠤᠷᠢᠯᠠᠭᠰᠠᠨ ᠪᠠᠶᠢᠳᠠᠭ ᠃ ᠺᠢᠮ ᠵᠤᠨ  ᠤᠨ ᠥᠩᠭᠡᠷᠡᠭᠰᠡᠨ 4 ᠳ᠋ᠦ᠋ᠭᠡᠷ ᠰᠠᠷ᠎ᠠ ᠶ᠋ᠢᠨ 15 ᠳ᠋ᠥ ᠥᠪᠡᠷ ᠢ ᠡᠪᠦᠭᠡ ᠡᠴᠢᠭᠡ ᠂ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ  ᠢ ᠦᠨᠳᠦᠰᠦᠯᠡᠨ ᠪᠠᠶᠢᠭᠤᠯᠤᠭᠴᠢ ᠺᠢᠮ  ᠢᠷ  ᠰᠸᠨ ᠢ ᠮᠡᠨᠳᠦᠯᠡᠭᠰᠡᠨ ᠡᠳᠦᠷ  ᠤᠨ ᠠᠷᠭ᠎ᠠ ᠬᠡᠮᠵᠢᠶᠡᠨ ᠳ᠋ᠥ ᠣᠷᠣᠯᠴᠠᠯ ᠦᠭᠡᠢ 11 ᠡᠳᠦᠷ ᠣᠯᠠᠨ ᠤ ᠡᠮᠦᠨ᠎ᠡ ᠭᠠᠷᠤᠭ᠎ᠠ ᠦᠭᠡᠢ ᠠᠯᠠᠭ᠎ᠠ ᠪᠣᠯᠣᠭᠰᠠᠨ ᠶᠠᠪᠤᠳᠠᠯ ᠳᠡᠯᠡᠬᠡᠢ ᠶ᠋ᠢᠨ ᠬᠡᠪᠯᠡᠯ  ᠤᠳ ᠢᠶ᠋ᠡᠷ ᠲᠡᠭᠦᠨ ᠢ ᠮᠡᠰᠡ ᠵᠠᠰᠠᠯ ᠬᠢᠯᠭᠡᠭᠰᠡᠨ ᠂ ᠪᠡᠶ᠎ᠡ ᠶ᠋ᠢᠨ ᠪᠠᠶᠢᠳᠠᠯ ᠨᠢ ᠮᠠᠰᠢ ᠮᠠᠭᠤ ᠪᠠᠶᠢᠭ᠎ᠠ ᠂ ᠡᠰᠡᠪᠡᠯ ᠪᠦᠷ ᠨᠠᠰᠤ ᠪᠠᠷᠠᠭᠰᠠᠨ ᠪᠠᠶᠢᠬᠤ ᠮᠠᠭᠠᠳᠯᠠᠯ ᠲᠠᠢ ᠭᠡᠬᠦ ᠲᠠᠭᠠᠮᠠᠭ ᠰᠠᠴᠤᠭᠳᠠᠬᠤ ᠰᠢᠯᠲᠠᠭᠠᠨ ᠪᠣᠯᠣᠭᠰᠠᠨ ᠪᠢᠯᠡ ᠃

 

ᠰᠡᠳᠬᠢᠭᠳᠡᠯ ᠦᠯᠡᠳᠡᠭᠡᠬᠦ