ᠠᠷᠠᠳᠴᠢᠯᠠᠭᠰᠠᠨ ᠨᠠᠮ ᠡᠴᠠ ᠨᠡᠷ᠎ᠡ ᠳᠡᠪᠰᠢᠭᠴᠢᠳ ᠦᠨ 71 ᠬᠤᠪᠢ ᠨᠢ  ᠰᠢᠨ᠎ᠡ ᠬᠦᠮᠦᠰ | News.MN

ᠠᠷᠠᠳᠴᠢᠯᠠᠭᠰᠠᠨ ᠨᠠᠮ ᠡᠴᠠ ᠨᠡᠷ᠎ᠡ ᠳᠡᠪᠰᠢᠭᠴᠢᠳ ᠦᠨ 71 ᠬᠤᠪᠢ ᠨᠢ  ᠰᠢᠨ᠎ᠡ ᠬᠦᠮᠦᠰ

 

ᠠᠷᠠᠳᠴᠢᠯᠠᠭᠰᠠᠨ ᠨᠠᠮ ᠤᠨ ᠦᠨᠳᠦᠰᠦᠨ  ᠤ ᠪᠣᠳᠣᠯᠭ᠎ᠠ ᠶ᠋ᠢᠨ ᠬᠣᠷᠢᠶ᠎ᠠ 8 ᠴᠠᠭ ᠬᠤᠷᠠᠯᠳᠤᠭᠰᠠᠨ ᠤ ᠡᠴᠦᠰ ᠲᠥ ᠰᠥᠨᠢ ᠶ᠋ᠢᠨ 23:55 ᠴᠠᠭ  ᠲᠤ ᠰᠢᠢᠳᠪᠦᠷᠢ ᠭᠠᠷᠭᠠᠯ᠎ᠠ ᠃ ᠬᠤᠷᠠᠯ ᠡᠴᠠ ᠭᠠᠷᠤᠭᠰᠠᠨ ᠰᠢᠢᠳᠪᠦᠷᠢ ᠶ᠋ᠢ ᠠᠷᠠᠳᠴᠢᠯᠠᠭᠰᠠᠨ ᠨᠠᠮ ᠤᠨ ᠶᠡᠷᠦᠩᠬᠡᠢ ᠨᠠᠷᠢᠨ ᠪᠢᠴᠢᠭ  ᠤᠨ ᠳᠠᠷᠤᠭ᠎ᠠ ᠴ᠊ · ᠪᠠᠭᠠᠲᠤᠷᠬᠦᠦ ᠲᠠᠨᠢᠯᠴᠠᠭᠤᠯᠤᠯ᠎ᠠ ᠃ ᠲᠡᠷᠡ ᠪᠡᠷ᠄ ᠮᠠᠨ ᠤ ᠨᠠᠮ ᠡᠴᠠ ᠨᠡᠷ᠎ᠡ ᠳᠡᠪᠰᠢᠭᠦᠯᠵᠦ ᠪᠠᠶᠢᠭ᠎ᠠ ᠬᠥᠮᠥᠰ ᠢ ᠠᠵᠢᠯ ᠮᠡᠷᠭᠡᠵᠢᠯ ᠢᠶ᠋ᠡᠷ ᠨᠢ ᠠᠪᠴᠤ ᠦᠵᠡᠪᠡᠯ 46 ᠬᠤᠪᠢ ᠨᠢ ᠡᠳ᠋  ᠦᠨ ᠵᠠᠰᠠᠭᠴᠢ ᠂ 33 ᠬᠤᠪᠢ ᠨᠢ ᠬᠠᠤᠯᠢᠴᠢ ᠂ 7.6 ᠬᠤᠪᠢ ᠨᠢ ᠢᠨᠵᠧᠨᠧᠷ ᠮᠡᠷᠭᠡᠵᠢᠯ ᠲᠠᠢ ᠪᠠᠶᠢᠨ᠎ᠠ ᠃

ᠮᠥᠨ ᠨᠡᠷ᠎ᠡ ᠳᠡᠪᠰᠢᠭᠴᠢᠳ ᠦᠨ 71.4 ᠬᠤᠪᠢ ᠨᠢ ᠰᠢᠨ᠎ᠡ ᠬᠥᠮᠥᠰ ᠪᠤᠶᠤ ᠡᠮᠦᠨ᠎ᠡ ᠨᠢ ᠤᠳᠤᠷᠢᠳᠬᠤ ᠠᠯᠪᠠᠨ ᠲᠤᠰᠢᠶᠠᠯ ᠂ ᠰᠠᠶᠢᠳ ᠂ ᠤᠯᠤᠰ ᠤᠨ ᠶᠡᠬᠡ ᠬᠤᠷᠠᠯ ᠤᠨ ᠭᠡᠰᠢᠭᠦᠨ ᠢᠶ᠋ᠡᠷ ᠠᠵᠢᠯᠯᠠᠵᠤ ᠪᠠᠶᠢᠭ᠎ᠠ ᠦᠭᠡᠢ ᠬᠥᠮᠥᠰ ᠶᠤᠮ ᠃ ᠨᠠᠰᠤᠨ ᠤ ᠪᠦᠯᠦᠭ  ᠤᠨ ᠬᠤᠪᠢ ᠳᠤ ᠨᠡᠶᠢᠲᠡ ᠨᠡᠷ᠎ᠡ ᠳᠡᠪᠰᠢᠭᠴᠢ ᠶ᠋ᠢᠨ 50 ᠣᠷᠴᠢᠮ ᠬᠤᠪᠢ ᠨᠢ ᠵᠠᠯᠠᠭᠤᠴᠤᠳ ᠪᠠᠶᠢᠭ᠎ᠠ ᠃ ᠠᠷᠠᠳᠴᠢᠯᠠᠭᠰᠠᠨ ᠨᠠᠮ ᠡᠨᠡ ᠤᠳᠠᠭᠠᠨ ᠤ ᠰᠣᠩᠭᠣᠭᠤᠯᠢ ᠳᠤ ᠡᠳ᠋  ᠤᠨ ᠵᠠᠰᠠᠭ ᠤᠨ ᠥᠰᠦᠯᠲᠡ ᠶ᠋ᠢ ᠡᠷᠦᠬᠡ ᠪᠦᠷᠢ ᠳ᠋ᠥ ᠂ ᠬᠠᠤᠯᠢ ᠪᠡᠷ ᠢᠷᠭᠡᠳ ᠢᠶ᠋ᠡᠨ ᠬᠠᠮᠠᠭᠠᠯᠠᠳᠠᠭ ᠪᠠᠶᠢᠶ᠎ᠠ ᠭᠡᠰᠡᠨ ᠤᠷᠢᠶ᠎ᠠ ᠲᠠᠢ ᠪᠠᠷ ᠣᠷᠣᠯᠴᠠᠬᠤ ᠪᠠᠷ ᠪᠣᠯᠣᠭᠰᠠᠨ ᠃ ᠮᠥᠨ ᠬᠠᠤᠯᠢ ᠨᠢ ᠡᠷᠬᠡ ᠮᠡᠳᠡᠯᠲᠡᠨ ᠢ ᠪᠤᠰᠤ ᠢᠷᠭᠡᠳ ᠢᠶ᠋ᠡᠨ ᠬᠠᠮᠠᠭᠠᠯᠠᠳᠠᠭ ᠪᠠᠶᠢᠬᠤ ᠶᠣᠰᠣᠲᠠᠢ ᠭᠡᠰᠡᠨ ᠦᠵᠡᠯ ᠢ ᠦᠨᠡᠲᠦ ᠵᠦᠢᠯ ᠢᠶ᠋ᠡᠨ ᠪᠣᠯᠭᠠᠭᠰᠠᠨ   ᠭᠡᠯ᠎ᠡ ᠃

ᠰᠡᠳᠬᠢᠭᠳᠡᠯ ᠦᠯᠡᠳᠡᠭᠡᠬᠦ