ᠰᠢᠭᠰᠢᠭᠡ ᠪᠠᠭ ᠤᠨ ᠲᠠᠮᠢᠷᠴᠢᠳ ᠣᠯᠠᠨ ᠤᠯᠤᠰ ᠤᠨ ᠬᠡᠮᠵᠢᠶᠡᠨ ᠤ ᠮᠠᠰᠲ᠋ᠧᠷ ᠴᠣᠯᠠ ᠬᠦᠷᠲᠡᠯ᠎ᠡ | News.MN

ᠰᠢᠭᠰᠢᠭᠡ ᠪᠠᠭ ᠤᠨ ᠲᠠᠮᠢᠷᠴᠢᠳ ᠣᠯᠠᠨ ᠤᠯᠤᠰ ᠤᠨ ᠬᠡᠮᠵᠢᠶᠡᠨ ᠤ ᠮᠠᠰᠲ᠋ᠧᠷ ᠴᠣᠯᠠ ᠬᠦᠷᠲᠡᠯ᠎ᠡ

ᠬᠥᠯ ᠪᠥᠮᠪᠥᠭᠡ ᠂  ᠹᠤᠲᠽᠠᠯ ᠤᠨ ᠦᠨᠳᠦᠰᠦᠨ ᠦ ᠰᠢᠭᠰᠢᠭᠡ ᠪᠠᠭ ᠤᠨ ᠲᠥᠯᠥᠭᠡ ᠬᠦᠴᠦᠨ ᠵᠢᠳᠬᠦᠵᠦ᠂ ᠮᠣᠩᠭᠣᠯ ᠣᠷᠣᠨ ᠤ ᠪᠠᠨ ᠨᠡᠷ᠎ᠡ ᠶ᠋ᠢ ᠣᠯᠠᠨ ᠤᠯᠤᠰ  ᠲᠤ ᠥᠨᠳᠥᠷ ᠲᠥ ᠡᠷᠭᠦᠬᠦ ᠶ᠋ᠢᠨ ᠵᠡᠷᠭᠡᠴᠡᠭᠡ ᠳᠣᠲᠣᠭᠠᠳᠤ ᠶ᠋ᠢᠨ ᠲᠡᠮᠡᠴᠡᠭᠡᠨ ᠤᠷᠤᠯᠳᠤᠭᠠᠨ ᠨᠣᠭᠣᠳ ᠲᠤ ᠠᠪᠤᠷᠭᠤᠯᠠᠭᠰᠠᠨ ᠲᠣᠭᠯᠠᠭᠴᠢᠳ ᠮᠠᠰᠲ᠋ᠧᠷ ᠤᠨ ᠴᠣᠯᠠ ᠲᠡᠮᠳᠡᠭ ᠢᠶ᠋ᠡᠷ ᠡᠩᠭᠡᠷ ᠢᠶ᠋ᠡᠨ ᠮᠢᠯᠢᠶᠠᠵᠠᠢ ᠃ ᠲᠣᠳᠣᠷᠠᠭᠤᠯᠪᠠᠯ ᠹᠤᠲᠽᠠᠯ ᠤᠨ ᠦᠨᠳᠦᠰᠦᠨ  ᠤ ᠰᠢᠭᠰᠢᠭᠡ ᠪᠠᠭ ᠤᠨ ᠭᠠᠷᠤᠭᠠᠨ ᠤ ᠪᠦᠷᠢᠯᠳᠦᠬᠦᠨ ᠡᠴᠡ ᠣᠯᠠᠨ ᠲᠣᠭᠯᠠᠯᠲᠠ ᠳ᠋ᠤ ᠮᠣᠩᠭᠣᠯ ᠤᠨ ᠨᠡᠷ᠎ᠡ ᠶ᠋ᠢᠨ ᠡᠮᠦᠨ᠎ᠡ ᠡᠴᠡ ᠣᠷᠣᠯᠴᠠᠭᠰᠠᠨ ᠫ᠊ · ᠠᠯᠲᠠᠨᠲᠤᠯᠭ᠎ᠠ ᠂ ᠡ᠊ · ᠭᠠᠩᠵᠣᠷᠢᠭ ᠂ ᠡ᠊ ·ᠫᠦᠷᠪᠦᠳᠦᠷᠵᠢ ᠂ ᠪ᠊ · ᠮᠦᠩᠭᠦᠨᠲᠤᠯᠭ᠎ᠠ ᠨᠠᠷ ᠣᠯᠠᠨ ᠤᠯᠤᠰ ᠤᠨ ᠬᠡᠮᠵᠢᠶᠡᠨ ᠤ ᠮᠠᠰᠲ᠋ᠧᠷ ᠴᠣᠯᠠ ᠲᠡᠮᠳᠡᠭ ᠢᠶ᠋ᠡᠷ ᠱᠠᠩᠨᠠᠭᠤᠯᠪᠠ ᠃

ᠢᠩᠭᠢᠭᠰᠡᠨ ᠢᠶ᠋ᠡᠷ ᠮᠣᠩᠭᠣᠯ ᠤᠨ ᠹᠤᠲᠽᠠᠯ ᠤᠨ ᠲᠡᠦᠬᠡᠨ ᠳ᠋ᠥ ᠠᠩᠬᠠᠨ ᠤ ᠣᠯᠠᠨ ᠤᠯᠤᠰ ᠤᠨ ᠬᠡᠮᠵᠢᠶᠡᠨ ᠤ ᠮᠠᠰᠲ᠋ᠧᠷ ᠤᠳ ᠲᠥᠷᠥᠯ᠎ᠡ ᠃ ᠮᠥᠨ ᠬᠥᠯ ᠪᠥᠮᠪᠥᠭᠡ ᠶ᠋ᠢᠨ ᠰᠢᠭᠰᠢᠭᠡ ᠪᠠᠭ ᠤᠨ ᠬᠠᠮᠲᠤ ᠪᠡᠷ ᠳᠡᠯᠡᠬᠡᠢ ᠶ᠋ᠢᠨ ᠠᠪᠤᠷᠭᠤ ᠰᠢᠯᠭᠠᠷᠠᠭᠤᠯᠬᠤ ᠲᠡᠮᠡᠴᠡᠭᠡᠨ ‍ᠥ ᠤᠷᠢᠳᠴᠢᠯᠠᠭᠰᠠᠨ ᠬᠣᠶᠠᠳᠤᠭᠠᠷ ᠱᠠᠲᠤᠨ  ᠳᠤ ᠠᠩᠬ᠎ᠠ ᠤᠳᠠᠭ᠎ᠠ ᠰᠢᠯᠭᠠᠷᠠᠭᠰᠠᠨ ᠪᠠᠭ ᠡᠴᠠ ᠨ᠊ · ᠼᠡᠳᠡᠨᠪᠠᠯ ᠂ ᠨ᠊ · ᠨᠠᠷᠠᠨᠪᠤᠯᠤᠳ᠂ ᠬ᠊ · ᠴᠡᠩᠳᠡᠠ᠋ᠶᠤᠰᠢ ᠂ ᠪ᠊ · ᠠᠷᠢᠭᠤᠨᠪᠤᠯᠤᠳ ᠂ ᠪ᠊ · ᠳᠠᠸᠠᠵᠠᠪ ᠂ ᠳ᠋᠊ · ᠲᠦᠷᠦᠪᠠᠲᠤ ᠂ ᠪ᠊ ·  ᠭᠠᠷᠤᠳᠢᠮᠠᠩᠨᠠᠢ ᠨᠠᠷ ᠣᠯᠠᠨ ᠤᠯᠤᠰ ᠤᠨ ᠬᠡᠮᠵᠢᠶᠡᠨ ᠤ ᠮᠠᠰᠲ᠋ᠧᠷ  ᠤᠨ ᠴᠣᠯᠠ ᠲᠡᠮᠳᠡᠭ ᠬᠦᠷᠲᠡᠪᠡ ᠃

ᠰᠡᠳᠬᠢᠭᠳᠡᠯ ᠦᠯᠡᠳᠡᠭᠡᠬᠦ