ᠡᠸᠦ᠋ᠷᠦᠫᠡ ᠶ᠋ᠢᠨ ᠰᠣᠩᠭᠣᠳᠠᠭ ᠬᠥᠭᠵᠢᠮ ᠤᠨ  ᠲᠤᠭᠯᠠᠯᠲᠠ ᠮᠠᠷᠭᠠᠰᠢ ᠪᠣᠯᠣᠨ᠎ᠠ | News.MN

ᠡᠸᠦ᠋ᠷᠦᠫᠡ ᠶ᠋ᠢᠨ ᠰᠣᠩᠭᠣᠳᠠᠭ ᠬᠥᠭᠵᠢᠮ ᠤᠨ  ᠲᠤᠭᠯᠠᠯᠲᠠ ᠮᠠᠷᠭᠠᠰᠢ ᠪᠣᠯᠣᠨ᠎ᠠ

 

ᠡᠸᠦ᠋ᠷᠦᠫᠡ ᠶ᠋ᠢᠨ ᠬᠣᠯᠪᠣᠭᠠᠨ ᠡᠴᠠ ᠮᠣᠩᠭᠣᠯ ᠤᠯᠤᠰ  ᠲᠤ ᠰᠠᠭᠤᠭ᠎ᠠ ᠲᠥᠯᠥᠭᠡᠯᠡᠭᠴᠢ ᠶ᠋ᠢᠨ ᠭᠠᠵᠠᠷ ᠡᠴᠠ ᠰᠠᠨᠠᠭᠠᠴᠢᠯᠠᠨ ᠮᠣᠩᠭᠣᠯ  ᠳᠤ ᠠᠩᠬ᠎ᠠ ᠤᠳᠠᠭ᠎ᠠ ᠡᠸᠦ᠋ᠷᠦᠫᠡ ᠶ᠋ᠢᠨ ᠰᠣᠩᠭᠣᠳᠠᠭ ᠬᠥᠭᠵᠢᠮ  ᠤᠨ ᠸᠢᠷᠲ᠋ᠤᠸᠠᠯ ᠺᠣᠨᠼᠸᠷᠲ ᠵᠣᠬᠢᠶᠠᠨ ᠪᠠᠶᠢᠭᠤᠯᠬᠤ ᠪᠡᠷ ᠪᠣᠯᠵᠠᠢ ᠃ ᠤᠭ ᠺᠣᠨᠼᠸᠷᠲ ᠢ ︽ᠱᠤᠮᠠᠨ ᠤ ᠲᠤᠩᠬᠠᠭᠯᠠᠯ︾ ᠤᠨ 70 ᠵᠢᠯ  ᠦᠨ ᠣᠢ ᠂ ᠪᠸᠲ᠋ᠣᠹᠸᠨ ᠦ 250 ᠵᠢᠯ  ᠦᠨ ᠤᠢ ᠳᠦ ᠵᠣᠷᠢᠭᠤᠯᠵᠤ ᠪᠠᠶᠢᠭ᠎ᠠ ᠠᠵᠠᠢ᠃ ᠡᠨᠡ ᠬᠦ ᠲᠤᠭᠯᠠᠯᠳᠠ ᠳ᠋ᠤ ᠮᠣᠩᠭᠣᠯ  ᠳᠤ ᠡᠮᠦᠨ᠎ᠡ ᠨᠢ ᠡᠭᠡᠰᠢᠭᠯᠡᠵᠦ ᠪᠠᠶᠢᠭ᠎ᠠ ᠦᠭᠡᠢ ᠡᠸᠦ᠋ᠷᠦᠫᠡ ᠶ᠋ᠢᠨ ᠶᠢᠰᠦᠨ ᠣᠷᠣᠨ ᠤ ᠲᠥᠯᠥᠭᠡᠯᠡᠯ ᠪᠣᠯᠣᠭᠰᠠᠨ ᠠᠯᠳᠠᠷᠲᠤ ᠬᠥᠭᠵᠢᠮ  ᠤᠨ ᠵᠣᠬᠢᠶᠠᠯᠴᠢᠳ ᠤᠨ ᠶᠢᠰᠦᠨ ᠪᠦᠲᠦᠭᠡᠯ ᠢ ᠮᠣᠩᠭᠣᠯ ᠤᠨ ᠨᠡᠷᠡᠲᠦ ᠤᠷᠠᠨ ᠪᠦᠲᠦᠭᠡᠯᠴᠢᠳ ᠂ ᠮᠣᠷᠢᠨ ᠬᠤᠭᠤᠷ ᠤᠨ ᠴᠢᠭᠤᠯᠭ᠎ᠠ ᠶ᠋ᠢᠨ ᠳᠦᠷᠪᠡᠯᠡᠯ᠂ Prima Chamber Orchestra ᠠᠮᠢᠯᠠᠭᠤᠯᠤᠨ ᠬᠦᠷᠭᠡᠨ᠎ᠡ ᠃

ᠲᠤᠰ ᠠᠷᠭ᠎ᠠ ᠬᠡᠮᠵᠢᠶ᠎ᠡ ᠶ᠋ᠢ ᠵᠣᠬᠢᠶᠠᠨ ᠪᠠᠶᠢᠭᠤᠯᠤᠭᠴᠢᠳ ᠄︽ ᠬᠦ᠋ᠴᠦᠷᠬᠡᠭ ᠰᠢᠮᠹᠣᠨᠢ ᠂ ᠭᠠᠶᠢᠬᠠᠮᠰᠢᠭᠲᠤ ᠸᠠᠯᠢᠰ ᠂ ᠰᠡᠳᠬᠢᠯ ᠬᠥᠳᠡᠯᠦᠮ᠎ᠡ ᠰᠢᠦ᠋ᠲ ᠦᠳ᠂ ᠥᠷᠨᠢᠭᠦᠨ ᠤᠳᠤᠷᠢᠳᠬᠠᠯ ᠂ ᠤᠶᠠᠩᠭᠠᠯᠢᠭ ᠠᠶᠠᠰ ᠬᠥᠭᠵᠢᠮ ᠬᠥᠮᠥᠨ ᠲᠥᠷᠥᠯᠬᠢᠲᠡᠨ ᠤ ᠨᠡᠶᠢᠲᠡᠯᠢᠭ ᠦᠨᠡᠲᠦ ᠵᠦᠢᠯ ᠪᠣᠯᠣᠭᠰᠠᠨ ᠡᠷᠬᠡ ᠴᠢᠯᠦᠭᠡ ᠂ ᠡᠩᠬᠡ ᠲᠠᠶᠢᠪᠤᠩ ᠂ ᠡᠪ ᠨᠢᠭᠡᠳᠦᠯ  ᠤᠨ ᠲᠥᠯᠥᠭᠡ ᠡᠭᠡᠰᠢᠭᠯᠡᠵᠦ ᠮᠣᠩᠭᠣᠯᠴᠤᠳ ᠲᠤ ᠬᠦᠷᠬᠦ ᠪᠣᠯᠣᠨ᠎ᠠ︾ᠬᠡᠮᠡᠨ ᠣᠨᠴᠠᠯᠠᠯ᠎ᠠ ᠃

ᠰᠡᠳᠬᠢᠭᠳᠡᠯ ᠦᠯᠡᠳᠡᠭᠡᠬᠦ