︽ ᠵᠣᠬᠢᠶᠠᠯᠴᠢ ᠪᠠᠭᠰᠢ ︾ᠤᠷᠤᠯᠳᠤᠭᠠᠨ ᠳᠦ 500 ᠭᠠᠷᠤᠢ ᠪᠦᠲᠦᠭᠡᠯ ᠢᠷᠡᠭᠦᠯᠵᠡᠢ | News.MN

 ︽ ᠵᠣᠬᠢᠶᠠᠯᠴᠢ ᠪᠠᠭᠰᠢ ︾ᠤᠷᠤᠯᠳᠤᠭᠠᠨ ᠳᠦ 500 ᠭᠠᠷᠤᠢ ᠪᠦᠲᠦᠭᠡᠯ ᠢᠷᠡᠭᠦᠯᠵᠡᠢ

ᠦᠪᠦᠷ ᠬᠠᠩᠭᠠᠢ ᠠᠶᠢᠮᠠᠭ  2020 ᠣᠨ ᠢ ︽ ᠰᠣᠶᠣᠯ ᠤᠨ ᠳᠠᠷᠬᠠᠯᠠᠭ᠎ᠠ ᠶ᠋ᠢ ᠳᠡᠮᠵᠢᠬᠦ ᠵᠢᠯ ︾ ᠪᠣᠯᠭᠠᠨ ᠵᠠᠷᠯᠠᠭᠰᠠᠨ ᠃ ᠡᠨᠡ ᠬᠦᠷᠢᠶᠡᠨ ᠳ᠋ᠥ ᠥᠪ ᠰᠣᠶᠣᠯ ᠢᠶᠡᠨ ᠰᠤᠷᠲᠠᠯᠴᠢᠯᠠᠭᠰᠠᠨ ᠣᠯᠠᠨ ᠠᠵᠢᠯ ᠬᠢᠵᠦ ᠪᠠᠶᠢᠭ᠎ᠠ ᠶ᠋ᠢᠨ ᠨᠢᠭᠡ ᠨᠢ ︽ ᠵᠣᠬᠢᠶᠠᠯᠴᠢ ᠪᠠᠭᠰᠢ ︾ᠤᠷᠤᠯᠳᠤᠭᠠᠨ ᠶᠤᠮ ᠃ ᠮᠣᠩᠭᠣᠯ ᠤᠨ ᠤᠯᠠᠮᠵᠢᠯᠠᠯᠲᠤ ᠠᠮᠠᠨ ᠥᠪ ᠰᠣᠶᠣᠯ ᠢ ᠲᠦᠭᠡᠭᠡᠨ ᠳᠡᠯᠭᠡᠷᠡᠭᠦᠯᠬᠦ ᠂ ᠪᠦᠲᠦᠭᠡᠯᠴᠢ ᠰᠡᠳᠬᠢᠯᠭᠡ ᠶ᠋ᠢ ᠬᠥᠭᠵᠢᠭᠦᠯᠬᠦ ᠵᠣᠷᠢᠯᠭ᠎ᠠ ᠲᠠᠢ ᠲᠤᠰ ᠤᠷᠤᠯᠳᠤᠭᠠᠨ ᠳᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠂ ᠴᠡᠴᠡᠷᠯᠢᠭ  ᠤᠨ ᠪᠠᠭᠰᠢ ᠨᠠᠷ ᠣᠷᠣᠯᠴᠠᠵᠤ ᠂ ᠦᠯᠢᠭᠡᠷ ᠂ ᠰᠤᠷᠭᠠᠮᠵᠢᠲᠤ ᠥᠭᠦᠯᠡᠯᠭᠡ ᠵᠡᠷᠭᠡ 500 ᠭᠠᠷᠤᠢ ᠪᠦᠲᠦᠭᠡᠯ ᠢ ᠵᠣᠬᠢᠶᠠᠨ ᠤᠩᠰᠢᠭᠴᠢᠳ ᠤᠨ ᠬᠦᠷᠲᠡᠭᠡᠯ ᠪᠣᠯᠭᠠᠯ᠎ᠠ ᠃

ᠠᠵᠢᠯ ᠤᠨ ᠬᠡᠰᠡᠭ ᠡᠴᠡ ᠵᠣᠬᠢᠶᠠᠯ ᠪᠦᠲᠦᠭᠡᠯ ᠳ᠋ᠡᠬᠢ ᠤᠩᠰᠢᠭᠴᠢᠳ ᠤᠨ ᠬᠠᠨᠳᠤᠯᠲᠠ ᠂ ᠠᠭᠤᠯᠭ᠎ᠠ ᠂ ᠰᠤᠷᠭᠠᠨ ᠬᠥᠮᠥᠵᠢᠭᠦᠯᠬᠦ ᠦᠵᠡᠯ ᠰᠠᠨᠠᠭ᠎ᠠ ᠂ ᠬᠡᠦᠬᠡᠳ  ᠤᠨ ᠨᠠᠰᠤ ᠰᠡᠳᠬᠢᠬᠦᠢ ᠳ᠋ᠦ ᠲᠣᠬᠢᠷᠠᠭᠰᠠᠨ ᠪᠠᠶᠢᠳᠠᠯ ᠵᠡᠷᠭᠡ ᠶ᠋ᠢ ᠬᠠᠷᠠᠭᠠᠯᠵᠠᠨ ᠰᠢᠯᠭᠠᠷᠠᠭᠤᠯᠤᠯᠲᠠ ᠬᠢᠭᠰᠡᠨ ᠪᠥᠭᠡᠳ ᠠᠷᠪᠠᠢ ᠬᠡᠭᠡᠷ᠎ᠡ ᠰᠤᠮᠤ ᠶ᠋ᠢᠨ ᠳᠦᠷᠪᠡᠳᠦᠭᠡᠷ ᠴᠡᠴᠡᠷᠯᠢᠭ  ᠤᠨ ᠪᠠᠭᠰᠢ ᠪ᠊ · ᠤᠶᠠᠩᠭ᠎ᠠ ︽ ᠬᠤᠮᠪᠤᠩ ᠠᠶᠠᠭ᠎ᠠ ᠲᠠᠢ ᠲᠠᠷᠠᠭ ︾ ᠂ ᠠᠷᠪᠠᠢ ᠬᠡᠭᠡᠷ᠎ᠡ ᠰᠤᠮᠤ ᠶ᠋ᠢᠨ ᠨᠢᠭᠡᠳᠦᠭᠡᠷ ᠰᠤᠷᠭᠠᠭᠤᠯᠢ ᠶ᠋ᠢᠨ ᠪᠠᠭᠰᠢ ᠴ᠊ ·ᠤᠶᠤᠨᠴᠡᠴᠡᠭ ︽ᠵᠣᠴᠢᠨ ︾ ᠂ ᠤᠶᠠᠩᠭ᠎ᠠ ᠰᠤᠮᠤ ᠶ᠋ᠢᠨ ᠨᠢᠭᠡᠳᠦᠭᠡᠷ ᠰᠤᠷᠭᠠᠭᠤᠯᠢ ᠶ᠋ᠢᠨ ᠪᠠᠭᠰᠢ ᠲ᠊ ·ᠮᠦᠩᠭᠦᠨᠵᠤᠯᠠ ︽ ᠰᠤᠷᠭᠠᠮᠵᠢᠲᠤ ᠥᠭᠦᠯᠡᠯᠭᠡ ︾ ᠵᠡᠷᠭᠡ ᠪᠦᠲᠦᠭᠡᠯ ᠢᠶ᠋ᠡᠷ ᠢᠶ᠋ᠡᠨ ᠲᠤᠰ ᠲᠤᠰ ᠲᠡᠷᠢᠭᠦᠯᠡᠵᠡᠢ ᠃

ᠰᠡᠳᠬᠢᠭᠳᠡᠯ ᠦᠯᠡᠳᠡᠭᠡᠬᠦ