︽ ᠴᠠᠬᠢᠮ ᠮᠦᠽᠧᠢ ︾ᠠᠵᠢᠯᠯᠠᠵᠤ ᠪᠠᠶᠢᠨ᠎ᠠ | News.MN

︽ ᠴᠠᠬᠢᠮ ᠮᠦᠽᠧᠢ ︾ᠠᠵᠢᠯᠯᠠᠵᠤ ᠪᠠᠶᠢᠨ᠎ᠠ

ᠺᠣᠷᠣᠨᠠ ᠸᠢᠷᠦ᠋ᠰ ᠦᠨ ᠬᠠᠯᠳᠠᠪᠤᠷᠢ ᠡᠴᠠ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠪᠡᠷ ᠠᠶᠢᠮᠠᠭ ᠤᠨ ᠮᠦᠽᠧᠢ ᠶ᠋ᠢᠨ ᠬᠠᠮᠲᠤ ᠣᠯᠠᠨ ︽ ᠴᠠᠬᠢᠮ ᠮᠦᠽᠧᠢ ︾ᠠᠵᠢᠯᠯᠠᠭᠤᠯᠵᠤ ᠂ ᠦᠵᠡᠮᠦᠷᠢ ᠨᠤᠭᠦᠳ ᠢᠶ᠋ᠡᠨ ᠣᠯᠠᠨ ᠨᠡᠶᠢᠲᠡ ᠳ᠋ᠥ ᠰᠤᠷᠲᠠᠯᠴᠢᠯᠠᠵᠤ ᠪᠠᠶᠢᠨ᠎ᠠ ᠃ ᠲᠣᠳᠣᠷᠠᠭᠤᠯᠪᠠᠯ ᠂ ︽ ᠤᠪᠰᠤ ᠮᠦᠽᠧᠢ ︾ ᠭᠡᠰᠡᠨ ᠬᠠᠶ᠋ᠢᠭ ᠣᠯᠠᠨ ᠨᠡᠶᠢᠲᠡ ᠶ᠋ᠢᠨ ᠰᠦᠯᠵᠢᠶᠡᠨ ᠳ᠋ᠥ ᠨᠡᠭᠡᠭᠡᠵᠦ ᠂ ᠰᠢᠨᠡᠯᠢᠭ ᠰᠣᠳᠣᠨ ᠦᠵᠡᠮᠦᠷᠢ ᠨᠤᠭᠦᠳ ᠢᠶ᠋ᠡᠨ ᠵᠢᠷᠤᠭ ᠂ ᠲᠠᠶᠢᠯᠪᠤᠷᠢ ᠲᠠᠢ ᠨᠢ ᠬᠠᠮᠲᠤ ᠣᠷᠣᠭᠤᠯᠤᠨ ᠣᠯᠠᠨ ᠤ ᠬᠦᠷᠲᠡᠭᠡᠯ ᠪᠣᠯᠭᠠᠭᠰᠠᠭᠠᠷ ᠪᠠᠶᠢᠭ᠎ᠠ ᠶᠤᠮ ᠃ ᠴᠠᠬᠢᠮ ᠮᠦᠽᠧᠢ ᠶ᠋ᠢ ᠦᠵᠡᠵᠦ  ᠰᠤᠨᠢᠷᠬᠠᠭᠴᠢᠳ ᠤᠨ ᠲᠣᠭ᠎ᠠ ᠡᠳᠦᠷ ᠡᠴᠡ ᠡᠳᠦᠷ ᠲᠥ ᠥᠰᠦᠭᠰᠡᠭᠡᠷ  ᠶᠤᠮ ᠃

ᠥᠨᠥᠳᠥᠷ  ᠤᠨ ᠬᠤᠪᠢ  ᠳᠤ ︽ ᠪᠦᠬᠡ ᠶ᠋ᠢᠨ ᠪᠠᠷᠢᠯᠳᠤᠭᠠᠨ ︾ ᠭᠡᠬᠦ ᠪᠦᠲᠦᠭᠡᠯ ᠢ ᠴᠠᠬᠢᠮ ᠳ᠋ᠤ ᠪᠠᠶᠢᠷᠢᠰᠢᠭᠤᠯᠵᠠᠢ ᠃ ᠡᠨᠡ ᠬᠦ ᠪᠦᠲᠦᠭᠡᠯ ᠨᠢ ᠳᠥᠷᠪᠡᠯᠵᠢᠨ ᠮᠣᠳᠣᠨ ᠰᠠᠭᠤᠷᠢᠨ ᠳᠡᠭᠡᠷ᠎ᠡ ᠵᠣᠳᠣᠭ ᠱᠤᠳᠠᠭ ᠂ ᠮᠣᠩᠭᠣᠯ ᠭᠤᠲᠤᠯ ᠡᠮᠦᠰᠴᠦ᠂ ᠪᠠᠷᠠᠭᠤᠨ ᠲᠠᠯ᠎ᠠ ᠪᠡᠷ ᠢᠶᠡᠨ ᠵᠣᠯᠭᠠᠨ ᠨᠢᠭᠡ ᠨᠢ ᠲᠣᠯᠣᠭᠠᠢ ᠶ᠋ᠢ ᠤᠷᠭᠠᠯᠠᠨ ᠂ ᠨᠥᠭᠥᠭᠡ ᠨᠢ ᠵᠡᠭᠦᠨ ᠭᠠᠷ ᠢᠶᠠᠷ ᠢᠶᠡᠨ ᠲᠠᠬᠢᠮᠳᠠᠨ ᠪᠠᠷᠢᠯᠳᠤᠵᠤ ᠪᠠᠶᠢᠭ᠎ᠠ ᠬᠣᠶᠠᠷ ᠪᠥᠬᠡ ᠶ᠋ᠢ ᠳᠦᠷᠰᠦᠯᠡᠨ ᠰᠡᠶᠢᠯᠦᠭᠰᠡᠨ ᠦᠵᠡᠮᠦᠷᠢ ᠪᠠᠶᠢᠨ᠎ᠠ ᠃ ᠤᠭ ᠰᠡᠶᠢᠯᠪᠦᠷᠢ ᠶ᠋ᠢ 1964 ᠣᠨ ᠳᠦ ᠤᠯᠠᠭᠠᠨᠪᠠᠭᠠᠲᠤᠷ ᠬᠣᠲᠠ ᠳᠦ ᠪᠣᠯᠣᠭᠰᠠᠨ ᠰᠣᠶᠣᠯ ᠤᠷᠠᠯᠢᠭ ᠤᠨ ᠡᠳᠦᠷ  ᠲᠥ ᠵᠣᠷᠢᠭᠤᠯᠵᠤ ᠤᠯᠠᠭᠠᠨ ᠭᠣᠮ ᠰᠤᠮᠤ ᠶ᠋ᠢᠨ ᠢᠷᠭᠡᠨ ᠫ᠊ · ᠫᠡᠷᠡᠩᠯᠠᠢ ᠤᠷᠠᠯᠠᠵᠠᠢ ᠃ ᠡᠨᠡ ᠬᠦ ᠪᠦᠲᠦᠭᠡᠯ ᠢ ᠮᠦᠽᠧᠢ ᠶ᠋ᠢᠨ ᠠᠬᠠᠮᠠᠳ ᠠᠵᠢᠯᠲᠠᠨ ᠪ᠊ · ᠰᠠᠮᠪᠤᠤ 1964 ᠣᠨ ᠳᠦ ᠰᠢᠯᠵᠢᠭᠦᠯᠭᠡ ᠪᠡᠷ ᠠᠪᠴᠤ ᠠᠶᠢᠮᠠᠭ ᠤᠨ ᠮᠦᠽᠧᠢ ᠶ᠋ᠢᠨ ᠰᠠᠩ ᠬᠥᠮᠥᠷᠭᠡ ᠳ᠋ᠥ ᠣᠷᠣᠭᠤᠯᠤᠭᠰᠠᠨ ᠪᠠᠶᠢᠨ᠎ᠠ ᠃

ᠰᠡᠳᠬᠢᠭᠳᠡᠯ ᠦᠯᠡᠳᠡᠭᠡᠬᠦ