ᠭᠣᠪᠢ ᠠᠯᠲᠠᠢ ᠠᠶᠢᠮᠠᠭ ᠲᠠᠬᠢ ᠪᠤᠷᠭᠠᠰᠤᠲᠠᠢ ᠪᠣᠭᠣᠮᠲᠠ ᠶ᠋ᠢ ᠨᠡᠭᠡᠭᠡᠵᠡᠢ | News.MN

ᠭᠣᠪᠢ ᠠᠯᠲᠠᠢ ᠠᠶᠢᠮᠠᠭ ᠲᠠᠬᠢ ᠪᠤᠷᠭᠠᠰᠤᠲᠠᠢ ᠪᠣᠭᠣᠮᠲᠠ ᠶ᠋ᠢ ᠨᠡᠭᠡᠭᠡᠵᠡᠢ

ᠤᠯᠤᠰ ᠤᠨ ᠣᠨᠴᠠᠭᠠᠢ ᠺᠣᠮᠢᠰ ᠡᠴᠠ ᠭᠠᠷᠭᠠᠭᠰᠠᠨ ᠲᠡᠮᠦᠷ  ᠤᠨ ᠬᠦᠳᠡᠷ  ᠤᠨ ᠡᠺᠰᠫᠣᠷᠲ ᠤᠨ ᠲᠡᠭᠡᠭᠡᠪᠦᠷᠢᠯᠡᠯᠲᠡ ᠶ᠋ᠢ ᠡᠬᠢᠯᠡᠭᠦᠯᠬᠦ ᠰᠢᠢᠳᠪᠦᠷᠢ ᠶ᠋ᠢᠨ ᠳᠠᠭᠠᠤ ︽ ᠬᠢᠯᠢ ᠶ᠋ᠢᠨ ᠪᠣᠭᠣᠮᠲᠠ ᠶ᠋ᠢ ᠲᠦᠷ ᠬᠠᠭᠠᠬᠤ ᠂ ᠨᠡᠪᠲᠡᠷᠡᠬᠦ ᠬᠥᠳᠡᠯᠭᠡᠭᠡᠨ ᠢ ᠬᠢᠵᠠᠭᠠᠷᠯᠠᠬᠤ ︾ᠲᠤᠬᠠᠢ ᠵᠠᠰᠠᠭ ᠤᠨ ᠭᠠᠵᠠᠷ ᠤᠨ 39 ᠳ᠋ᠤᠭᠡᠷ ᠲᠣᠭᠲᠠᠭᠠᠯ ᠳᠤ ᠥᠭᠡᠷᠡᠴᠢᠯᠡᠯᠲᠡ ᠣᠷᠣᠭᠤᠯᠵᠤ ᠂ ᠪᠤᠷᠭᠠᠰᠤᠲᠠᠢ  ᠯᠤᠤ ᠶᠸ ᠮᠢᠶᠣᠤ ᠪᠣᠭᠣᠮᠲᠠ ᠶ᠋ᠢ ᠨᠡᠭᠡᠭᠡᠵᠡᠢ ᠃

ᠪᠣᠭᠣᠮᠲᠠ ᠨᠡᠭᠡᠭᠡᠭᠰᠡᠨ ᠲᠠᠢ ᠬᠣᠯᠪᠣᠭᠳᠠᠭᠤᠯᠤᠨ ᠬᠢᠲᠠᠳ ᠤᠨ ᠠᠴᠢᠶ᠎ᠠ ᠲᠡᠭᠡᠭᠡᠪᠦᠷᠢ ᠶ᠋ᠢᠨ ᠵᠢᠯᠣᠭᠣᠴᠢ ᠨᠠᠷ ᠢ ᠬᠢᠯᠢ ᠶ᠋ᠢᠨ ᠪᠦᠰᠡ ᠳ᠋ᠥ ᠲᠤᠰᠬᠠᠢ ᠬᠢᠨᠠᠯᠲᠠ ᠶ᠋ᠢᠨ ᠳᠣᠣᠷ᠎ᠠ ᠨᠡᠪᠲᠡᠷᠡᠭᠦᠯᠵᠦ ᠂ ᠲᠡᠭᠡᠭᠡᠪᠦᠷᠢᠯᠡᠯᠲᠡ ᠶ᠋ᠢ ᠵᠣᠬᠢᠶᠠᠨ ᠪᠠᠶᠢᠭᠤᠯᠬᠤ ᠠᠷᠭ᠎ᠠ ᠬᠡᠮᠵᠢᠶ᠎ᠡ ᠠᠪᠬᠤ ᠶ᠋ᠢ ᠵᠠᠮ ᠂ ᠲᠡᠭᠡᠭᠡᠪᠦᠷᠢ ᠶ᠋ᠢᠨ ᠬᠥᠭᠵᠢᠯ  ᠤᠨ ᠰᠠᠶᠢᠳ ᠪ᠊ · ᠡᠩᠬᠡ ᠠᠮᠤᠭᠤᠯᠠᠩ ᠂ ᠬᠢᠯᠢ ᠬᠠᠮᠠᠭᠠᠯᠠᠬᠤ ᠶᠡᠷᠦᠩᠬᠡᠢ ᠭᠠᠵᠠᠷ ᠤᠨ ᠳᠠᠷᠤᠭ᠎ᠠ ᠵ᠊ · ᠪᠢᠮᠪᠠᠰᠦ᠋ᠷᠦᠩ ᠂ ᠮᠡᠷᠭᠡᠵᠢᠯ  ᠤᠨ ᠬᠢᠨᠠᠯᠲᠠ ᠶ᠋ᠢᠨ ᠶᠡᠷᠦᠩᠬᠡᠢ ᠭᠠᠵᠠᠷ ᠤᠨ ᠳᠠᠷᠤᠭ᠎ᠠ ᠨ᠊ · ᠴᠠᠭᠠᠨᠬᠦᠦ ᠂ ᠭᠠᠢᠯᠢ ᠶᠢᠨ ᠶᠡᠷᠦᠩᠬᠡᠢ ᠭᠠᠵᠠᠷ ᠤᠨ ᠳᠠᠷᠤᠭ᠎ᠠ ᠪ᠊ · ᠠᠰᠠᠷᠠᠯᠲᠤ ᠨᠠᠷ  ᠲᠤ ᠲᠤᠰ ᠲᠤᠰ ᠳᠠᠭᠠᠭᠠᠯᠭᠠᠭᠰᠠᠨ ᠪᠠᠶᠢᠨ᠎ᠠ ᠃  ᠪᠤᠷᠭᠠᠰᠤᠲᠠᠢ ᠪᠣᠭᠣᠮᠲᠠ ᠪᠡᠷ ︽ ᠠᠯᠲᠠᠢ ᠶ᠋ᠢᠨ ᠬᠦᠳᠡᠷ ︾ᠺᠣᠮᠫᠠᠨᠢ ᠵᠢᠯ ᠳ᠋ᠥ ᠳᠤᠮᠳᠠᠴᠢ ᠪᠡᠷ 1  1.16 ᠰᠠᠶ᠎ᠠ ᠲᠣᠨ ᠲᠡᠮᠦᠷ  ᠤᠨ ᠬᠦᠳᠡᠷ ᠡᠺᠰᠫᠣᠷᠲ᠋ᠯᠠᠵᠤ ᠂ ᠤᠯᠤᠰ ᠤᠨ ᠲᠥᠰᠥᠪ ᠲᠦ 15.7 ᠲᠡᠷᠪᠤᠮ ᠲᠥᠭᠥᠷᠢᠭ᠂ ᠣᠷᠣᠨ ᠨᠤᠲᠤᠭ ᠤᠨ ᠲᠥᠰᠥᠪ ᠲᠦ ᠨᠢᠭᠡ ᠲᠡᠷᠪᠤᠮ ᠲᠥᠭᠥᠷᠢᠭ ᠲᠥᠪᠯᠡᠷᠡᠭᠦᠯᠦᠭᠰᠡᠨ ᠪᠠᠶᠢᠨ᠎ᠠ ᠃

ᠰᠡᠳᠬᠢᠭᠳᠡᠯ ᠦᠯᠡᠳᠡᠭᠡᠬᠦ