ᠾᠸᠩᠷᠢ ᠰᠸᠾᠤᠳᠤ᠋ ᠴᠣᠯᠠ ᠪᠠᠨ ᠬᠠᠮᠠᠭᠠᠯᠠᠭᠠᠳ ᠵᠣᠳᠣᠭ ᠲᠠᠶᠢᠯᠤᠯ᠎ᠠ | News.MN

 ᠾᠸᠩᠷᠢ ᠰᠸᠾᠤᠳᠤ᠋ ᠴᠣᠯᠠ ᠪᠠᠨ ᠬᠠᠮᠠᠭᠠᠯᠠᠭᠠᠳ ᠵᠣᠳᠣᠭ ᠲᠠᠶᠢᠯᠤᠯ᠎ᠠ

ᠠᠮᠧᠷᠢᠺᠠ ᠶ᠋ᠢᠨ ᠬᠣᠯᠢᠮᠠᠭ ᠲᠤᠯᠤᠭᠠᠨ ᠤ ᠲᠠᠮᠢᠷᠴᠢᠨ ᠾᠸᠩᠷᠢ ᠰᠸᠾᠤᠳᠤ᠋ ᠵᠣᠳᠣᠭ ᠲᠠᠶᠢᠯᠵᠤ ᠪᠠᠶᠢᠭ᠎ᠠ ᠪᠠᠨ ᠵᠠᠷᠯᠠᠯ᠎ᠠ ᠃ ᠲᠡᠷᠡ ᠪᠡᠷ ᠥᠨᠥᠳᠥᠷ ᠪᠣᠯᠣᠭᠰᠠᠨ UFC249 ᠲᠤᠯᠤᠭᠠᠨ ᠤ ᠦᠳᠡᠰᠢ ᠶ᠋ᠢᠨ ᠳᠡᠳ᠋ ᠣᠷᠭᠢᠯ ᠲᠤᠯᠤᠭᠠᠨ ᠳᠤ  ᠳ᠋ᠤᠮᠢᠨᠢᠺ  ᠺᠷᠦᠽ ᠢ ᠬᠣᠶᠠᠳᠤᠭᠠᠷ ᠦᠶ᠎ᠡ ᠳ᠋ᠥ ᠢᠯᠠᠵᠤ ᠂ ᠬᠡᠲᠦ ᠬᠥᠩᠭᠡᠨ ᠵᠢᠩ  ᠤᠨ ᠠᠪᠤᠷᠭᠤ ᠴᠣᠯᠠ ᠪᠠᠨ ᠬᠠᠮᠠᠭᠠᠯᠠᠭᠠᠳ ᠪᠠᠶᠢᠭᠰᠠᠨ ᠶᠤᠮ ᠃

ᠲᠡᠷᠡ ᠪᠡᠷ ᠲᠤᠯᠤᠭᠠᠨ ᠤ ᠳᠠᠷᠠᠭ᠎ᠠ ᠬᠦᠭᠵᠢᠶᠡᠨ ᠳᠡᠮᠵᠢᠭᠴᠢᠳ ᠪᠣᠯᠣᠨ ᠬᠣᠯᠪᠣᠭᠠᠨ ᠤ ᠲᠡᠷᠢᠭᠦᠨ  ᠳ᠋ᠠᠨᠠ ᠤᠢᠲ᠋ᠠ ᠳᠤ ᠲᠠᠯᠠᠷᠬᠠᠯ ᠢᠯᠡᠷᠬᠡᠶᠢᠯᠡᠭᠡᠳ ᠵᠣᠳᠣᠭ ᠲᠠᠶᠢᠯᠵᠤ ᠪᠤᠢ ᠪᠠᠨ ᠵᠠᠷᠯᠠᠭᠰᠠᠨ ᠪᠠᠶᠢᠨ᠎ᠠ ᠃ ᠲᠡᠷᠡ ᠪᠡᠷ ᠬᠣᠯᠢᠮᠠᠭ ᠲᠤᠯᠤᠭᠠᠨ ᠤ ᠳᠡᠪᠵᠢᠶᠡᠨ ᠳ᠋ᠥ 16 ᠲᠤᠯᠤᠯᠳᠤᠵᠤ ᠂ ᠨᠢᠭᠡ ᠴᠦ ᠢᠯᠠᠭᠳᠠᠭ᠎ᠠ ᠦᠭᠡᠢ ᠰᠦᠷᠳᠡᠮ᠎ᠡ ᠠᠮᠵᠢᠯᠲᠠ ᠲᠠᠢ ᠪᠠᠷ ᠳᠡᠪᠵᠢᠶ᠎ᠡ ᠪᠡᠨ ᠣᠷᠭᠢᠵᠤ ᠪᠠᠶᠢᠨ᠎ᠠ ᠃ ᠾᠸᠩᠷᠢ ᠰᠸᠾᠤᠳᠤ᠋ ᠬᠣᠯᠢᠮᠠᠭ ᠲᠤᠯᠤᠭᠠᠨᠴᠢ ᠪᠣᠯᠬᠤ ᠡᠴᠠ ᠪᠠᠨ ᠡᠮᠦᠨ᠎ᠡ ᠴᠢᠯᠦᠭᠡᠲᠦ ᠪᠥᠬᠡ ᠪᠡᠷ ᠬᠢᠴᠢᠶᠡᠯᠯᠡᠵᠦ ᠂ ᠪᠡᠭᠡᠵᠢᠩ 2008 ᠵᠤᠨ ᠤ ᠣᠯᠢᠮᠫᠢᠺ ᠤᠨ ᠨᠠᠭᠠᠳᠤᠮ ᠡᠴᠠ ᠠᠯᠲᠠᠨ ᠮᠧᠳᠠᠯ ᠠᠪᠴᠤ ᠪᠠᠶᠢᠪᠠ ᠃

 

ᠰᠡᠳᠬᠢᠭᠳᠡᠯ ᠦᠯᠡᠳᠡᠭᠡᠬᠦ