ᠪᠡᠭᠡᠵᠢᠩ ᠂ ᠸᠠᠰᠢᠩᠲ᠋ᠣᠨ ᠬᠤᠳᠠᠯᠳᠤᠭᠠᠨ ᠤ ᠭᠡᠷ᠎ᠡ  ᠶ᠋ᠢ ᠬᠡᠷᠡᠭᠵᠢᠭᠦᠯᠬᠦ  ᠪᠡᠷ ᠲᠣᠬᠢᠷᠠᠯᠴᠠᠪᠠ | News.MN

ᠪᠡᠭᠡᠵᠢᠩ ᠂ ᠸᠠᠰᠢᠩᠲ᠋ᠣᠨ ᠬᠤᠳᠠᠯᠳᠤᠭᠠᠨ ᠤ ᠭᠡᠷ᠎ᠡ  ᠶ᠋ᠢ ᠬᠡᠷᠡᠭᠵᠢᠭᠦᠯᠬᠦ  ᠪᠡᠷ ᠲᠣᠬᠢᠷᠠᠯᠴᠠᠪᠠ

ᠪᠡᠭᠡᠵᠢᠩ ᠪᠣᠯᠣᠨ ᠸᠠᠰᠢᠩᠲ᠋ᠣᠨ ᠬᠤᠳᠠᠯᠳᠤᠭᠠᠨ ᠤ ᠭᠡᠷ᠎ᠡ ᠶ᠋ᠢᠨ ᠡᠬᠢᠨ ᠤ ᠦᠶ᠎ᠡ ᠱᠠᠲᠤᠨ ᠤ ᠲᠣᠬᠢᠷᠠᠯᠴᠠᠭ᠎ᠠ ᠶ᠋ᠢ ᠬᠡᠷᠡᠭᠵᠢᠭᠦᠯᠬᠦ ᠲᠠᠭᠠᠲᠠᠢ ᠠᠭᠤᠷ ᠠᠮᠢᠰᠬᠤᠯ ᠢ ᠪᠦᠷᠢᠳᠦᠭᠦᠯᠬᠦ ᠪᠡᠷ ᠲᠣᠬᠢᠷᠠᠯᠴᠠᠯ᠎ᠠ ᠭᠡᠵᠦ  ᠰᠢᠨᠬᠤᠸᠠ ᠠᠭ᠍ᠸᠨᠲᠯᠢᠭ 05.08  ᠳᠤ ᠮᠡᠳᠡᠭᠡᠯᠡᠪᠡ ᠃ ᠠᠭᠤᠯᠵᠠᠯᠲᠠ ᠤᠲᠠᠰᠤ ᠪᠡᠷ ᠶᠠᠪᠤᠭᠳᠠᠭᠰᠠᠨ ᠪᠥᠭᠡᠳ ᠬᠢᠲᠠᠳ ᠤᠨ ᠲᠠᠯ᠎ᠠ ᠡᠴᠠ ᠲᠥᠷᠥ ᠶ᠋ᠢᠨ ᠵᠥᠪᠯᠡᠯ  ᠤᠨ ᠰᠢᠳᠠᠷ ᠰᠠᠶᠢᠳ ᠯᠢᠦ  ᠾᠸ᠂ ᠠᠮᠧᠷᠢᠺᠠ ᠶ᠋ᠢᠨ ᠲᠠᠯ᠎ᠠ ᠡᠴᠠ ᠰᠠᠩ ᠤᠨ ᠰᠠᠶᠢᠳ  ᠰᠲ᠋ᠢᠹᠸ ᠮᠸᠨᠤᠴᠢᠨ ᠣᠷᠣᠯᠴᠠᠵᠠᠢ ᠃  ᠬᠤᠶᠠᠷ ᠲᠠᠯ᠎ᠠ  ᠮᠠᠺᠷᠣ᠋ ᠡᠳ᠋  ᠤᠨ ᠵᠠᠰᠠᠭ ᠂ ᠡᠷᠡᠭᠦᠯ ᠮᠡᠨᠳᠦ ᠶ᠋ᠢᠨ ᠰᠠᠯᠪᠤᠷᠢ  ᠳᠤ ᠬᠠᠮᠲᠤ ᠶ᠋ᠢᠨ ᠠᠵᠢᠯᠯᠠᠭ᠎ᠠ ᠶ᠋ᠢ ᠪᠡᠬᠢᠵᠢᠭᠦᠯᠬᠦ ᠱᠠᠭᠠᠷᠳᠠᠯᠭ᠎ᠠ ᠲᠠᠢ ᠪᠠᠶᠢᠭ᠎ᠠ ᠲᠠᠢ ᠰᠠᠨᠠᠯ ᠨᠢᠭᠡᠳᠦᠭᠰᠡᠨ ᠪᠠᠶᠢᠨ᠎ᠠ ᠃ ᠡᠭᠦᠨ ᠡᠴᠡ ᠭᠠᠳᠠᠨ᠎ᠠ ᠬᠤᠳᠠᠯᠳᠤᠭᠠᠨ ᠤ ᠬᠡᠯᠡᠯᠴᠡᠭᠡᠷ ᠦᠨ ᠡᠬᠢᠨ  ᠤ ᠦᠶ᠎ᠡ ᠱᠠᠲᠤ ᠶ᠋ᠢ ᠬᠡᠷᠡᠭᠵᠢᠭᠦᠯᠬᠦ ᠶ᠋ᠢᠨ ᠲᠤᠯᠠᠳᠠ ᠲᠠᠭᠠᠲᠠᠢ ᠠᠭᠤᠷ ᠠᠮᠢᠰᠬᠤᠯ ᠢ ᠪᠦᠷᠢᠳᠦᠭᠦᠯᠵᠦ ᠂ ᠬᠦᠴᠦᠨ ᠴᠢᠷᠮᠠᠶᠢᠯᠲᠠ ᠭᠠᠷᠭᠠᠨ᠎ᠠ ᠭᠡᠳᠡᠭ ᠢᠶ᠋ᠡᠨ ᠢᠯᠡᠷᠬᠡᠶᠢᠯᠡᠵᠡᠢ ᠃

 

ᠰᠡᠳᠬᠢᠭᠳᠡᠯ ᠦᠯᠡᠳᠡᠭᠡᠬᠦ