ᠭᠠᠰᠢᠭᠤᠨ ᠰᠤᠬᠠᠶᠢᠲᠤ  ᠶᠢᠨ ᠲᠡᠮᠦᠷ ᠵᠠᠮ  ᠢ ᠪᠠᠷᠢᠨ᠎ᠠ | News.MN

ᠭᠠᠰᠢᠭᠤᠨ ᠰᠤᠬᠠᠶᠢᠲᠤ  ᠶᠢᠨ ᠲᠡᠮᠦᠷ ᠵᠠᠮ  ᠢ ᠪᠠᠷᠢᠨ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ᠊ · ᠪᠠᠲᠤᠲᠤᠯᠭ᠎ᠠ ᠥᠩᠭᠡᠷᠡᠭᠰᠡᠨ ᠠᠮᠠᠷᠠᠯᠲᠠ ᠶ᠋ᠢᠨ ᠡᠳᠦᠷ  ᠳᠣᠷᠤᠨᠠᠭᠣᠪᠢ ᠂ ᠡᠮᠦᠨᠡᠭᠣᠪᠢ ᠠᠶᠢᠮᠠᠭ ᠲᠤ ᠠᠵᠢᠯᠯᠠᠵᠤ ᠂ ᠲᠠᠪᠤᠨᠲᠤᠯᠤᠭᠠᠢ  ᠭᠠᠰᠢᠭᠤᠨ ᠰᠤᠬᠠᠶᠢᠲᠤ ᠴᠢᠭᠯᠡᠯ  ᠤᠨ 240 ᠺᠢᠯᠣᠮᠧᠲ᠋ᠷ ᠲᠡᠮᠦᠷ ᠵᠠᠮ ᠤᠨ ᠲᠷᠠᠰᠰ ᠤᠨ ᠳᠠᠭᠠᠤ ᠪᠦᠲᠦᠭᠡᠨ ᠪᠠᠶᠢᠭᠤᠯᠤᠯᠲᠠ ᠶ᠋ᠢᠨ ᠠᠵᠢᠯ ᠤᠨ ᠶᠠᠪᠤᠴᠠ ᠲᠠᠢ ᠲᠠᠨᠢᠯᠴᠠᠯ᠎ᠠ ᠃ ᠲᠠᠪᠤᠨᠲᠤᠯᠤᠭᠠᠢ  ᠭᠠᠰᠢᠭᠤᠨ ᠰᠤᠬᠠᠶᠢᠲᠤ ᠴᠢᠭᠯᠡᠯ  ᠤᠨ ᠲᠡᠮᠦᠷ ᠵᠠᠮ ᠤᠨ ᠠᠵᠢᠯ ᠢ ᠬᠠᠷᠢᠭᠤᠴᠠᠨ ᠠᠵᠢᠯᠯᠠᠬᠤ ︽ᠲᠠᠪᠤᠨᠲᠤᠯᠤᠭᠠᠢ ᠲᠡᠮᠦᠷ ᠵᠠᠮ ︾ᠺᠣᠮᠫᠠᠨᠢ ᠶ᠋ᠢ ᠪᠠᠶᠢᠭᠤᠯᠤᠭᠰᠠᠨ ᠪᠢᠯᠡ ᠃ ᠵᠠᠮ ᠤᠨ ᠠᠵᠢᠯ ᠢ ᠥᠩᠭᠡᠷᠡᠭᠰᠡᠨ ᠣᠨ ᠡᠴᠠ ᠡᠷᠴᠢᠮᠵᠢᠭᠦᠯᠦᠭᠰᠡᠨ ᠪᠥᠭᠡᠳ ᠳᠣᠣᠷᠠᠳᠤ ᠪᠦᠲᠦᠴᠡ ᠶ᠋ᠢᠨ ᠠᠵᠢᠯ ᠢ ᠢᠷᠡᠬᠦ ᠰᠠᠷ᠎ᠠ  ᠳᠤ ᠂ ᠨᠡᠶᠢᠲᠡ ᠠᠵᠢᠯ ᠢ 28 ᠰᠠᠷ᠎ᠠ ᠶ᠋ᠢᠨ ᠳᠣᠲᠣᠷ᠎ᠠ ᠳᠠᠭᠤᠰᠬᠠᠬᠤ ᠪᠠᠷ ᠲᠥᠯᠥᠪᠯᠡᠵᠡᠢ ᠃ ᠡᠨᠡ ᠴᠢᠭᠯᠡᠯ ᠳ᠋ᠥ ᠮᠥᠨ 100 ᠬᠤᠪᠢ ᠳᠣᠲᠣᠭᠠᠳᠤ ᠶ᠋ᠢᠨ ᠺᠣᠮᠫᠠᠨᠢ ᠨᠣᠭᠣᠳ ᠠᠵᠢᠯᠯᠠᠵᠤ ᠪᠠᠶᠢᠭ᠎ᠠ ᠶᠤᠮ ᠃

ᠮᠥᠨ ᠮᠣᠩᠭᠣᠯ ᠳᠤ ᠠᠩᠬ᠎ᠠ ᠤᠳᠠᠭ᠎ᠠ ᠪᠠᠨ ᠲᠡᠮᠦᠷ ᠵᠠᠮ ᠤᠨ ᠬᠥᠳᠡᠯᠬᠦ ᠪᠦᠷᠢᠯᠳᠦᠬᠦᠨ ᠢ ᠠᠦ᠋ᠲ᠋ᠣ᠋ ᠵᠠᠮ ᠢᠶᠠᠷ ᠲᠡᠭᠡᠭᠡᠪᠦᠷᠢᠯᠡᠨ ᠠᠪᠴᠢᠷᠠᠭᠰᠠᠨ ᠪᠠᠶᠢᠨ᠎ᠠ ᠃ ᠢᠩᠭᠢᠭᠰᠡᠨ ᠢᠶ᠋ᠡᠷ ᠳᠡᠭᠡᠳᠦ ᠪᠦᠲᠦᠴᠡ ᠶ᠋ᠢᠨ ᠠᠵᠢᠯ ᠢ ᠡᠬᠢᠯᠡᠭᠦᠯᠬᠦ ᠪᠣᠯᠣᠮᠵᠢᠲᠠᠢ ᠪᠣᠯᠵᠤ ᠪᠠᠶᠢᠭ᠎ᠠ ᠪᠥᠭᠡᠳ ᠡᠨᠡ ᠵᠢᠯ ᠳ᠋ᠦ ᠪᠡᠨ ᠪᠠᠭᠲᠠᠭᠠᠨ 100 ᠺᠢᠯᠣᠮᠧᠲ᠋ᠷ ᠲᠡᠮᠦᠷ ᠵᠠᠮ ᠪᠠᠷᠢᠵᠤ ᠂ ᠪᠠᠶᠢᠭᠤᠯᠵᠤ ᠳᠠᠭᠤᠰᠬᠠᠬᠤ ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ