ᠡ᠊ · ᠪᠠᠲᠤᠡᠭᠦᠯᠡ ᠄  ᠨᠠᠮ᠎ᠠ ᠶ᠋ᠢ ᠱᠣᠷᠣᠩ ᠢᠶᠠᠷ ᠠᠶᠤᠯᠭᠠᠬᠤ ᠦᠭᠡᠢ ᠰᠢᠦ | News.MN

ᠡ᠊ · ᠪᠠᠲᠤᠡᠭᠦᠯᠡ ᠄  ᠨᠠᠮ᠎ᠠ ᠶ᠋ᠢ ᠱᠣᠷᠣᠩ ᠢᠶᠠᠷ ᠠᠶᠤᠯᠭᠠᠬᠤ ᠦᠭᠡᠢ ᠰᠢᠦ

ᠨᠡᠶᠢᠰᠯᠡᠯ ᠦᠨ ᠵᠠᠰᠠᠭ ᠳᠠᠷᠤᠭ᠎ᠠ ᠠᠰᠠᠨ ᠡ᠊ · ᠪᠠᠲᠤᠡᠭᠦᠯᠡ ᠥᠨᠥᠳᠥᠷ ᠮᠡᠳᠡᠭᠡᠯᠡᠯ ᠬᠢᠯ᠎ᠡ ᠃ ᠲᠡᠷᠡ ᠪᠡᠷ ᠰᠣᠩᠭᠣᠭᠤᠯᠢ ᠶ᠋ᠢᠨ ᠡᠮᠦᠨ᠎ᠡ ᠥᠪᠡᠷ ᠢ ᠨᠢ ᠭᠡᠮᠲᠦ ᠬᠡᠷᠡᠭᠲᠡᠨ ᠪᠣᠯᠭᠠᠵᠤ ᠂ ᠣᠯᠠᠨ ᠨᠡᠶᠢᠲᠡ ᠶ᠋ᠢᠨ ᠲᠠᠷᠢᠬᠢ ᠶ᠋ᠢ ᠤᠬᠢᠶᠠᠭᠰᠠᠨ ᠮᠡᠳᠡᠭᠡᠯᠡᠯ ᠰᠠᠴᠤᠵᠤ ᠪᠠᠢᠭ᠎ᠠ ᠳᠤ ᠬᠠᠷᠠᠮᠰᠠᠵᠤ ᠪᠠᠶᠢᠭ᠎ᠠ ᠪᠠᠨ ᠢᠯᠡᠷᠬᠡᠶᠢᠯᠡᠯ᠎ᠡ ᠃ ᠲᠡᠷᠡ ᠪᠡᠷ ᠄ ᠰᠣᠩᠭᠣᠭᠤᠯᠢ ᠪᠦᠷᠢ ᠶ᠋ᠢᠨ ᠡᠮᠦᠨ᠎ᠡ ᠨᠠᠮ᠎ᠠ ᠶ᠋ᠢ ᠬᠤᠯᠠᠭᠠᠶᠢᠴᠢ ᠂ ᠳᠡᠭᠡᠷᠡᠮᠴᠢᠨ ᠂ ᠵᠢᠷᠤᠮ ᠤᠨ ᠠᠨᠳᠠ ᠰ᠊ · ᠵᠣᠷᠢᠭ ᠤᠨ ᠠᠮᠢ ᠨᠠᠰᠤ ᠶ᠋ᠢ ᠬᠥᠨᠥᠭᠡᠭᠰᠡᠨ ᠭᠡᠵᠦ 30 ᠵᠢᠯ ᠭᠦᠵᠢᠷᠳᠡᠯ᠎ᠡ ᠃ ᠠᠯᠢᠪᠠ ᠨᠥᠯᠥᠭᠡᠨ ᠡᠴᠡ ᠠᠩᠭᠢᠳᠠ ᠰᠢᠳᠤᠷᠭᠤ ᠰᠢᠭᠦᠬᠦ ᠶ᠋ᠢᠨ ᠳ᠋ᠦᠩᠨᠡᠯᠲᠡ ᠭᠠᠷᠤᠭᠠᠰᠠᠢ ᠭᠡᠵᠦ ᠬᠦᠰᠡᠵᠦ ᠪᠠᠶᠢᠨ᠎ᠠ ᠃ ᠨᠠᠮ᠎ᠠ ᠶ᠋ᠢ  ᠽ· ᠡᠩᠬᠡᠪᠣᠯᠣᠳ ᠤᠨ ᠲᠣᠭᠣᠷᠢᠭ ᠲᠤ ᠣᠴᠢᠵᠤ ᠥᠷᠢᠰᠦᠯᠳᠦᠨ᠎ᠡ ᠭᠡᠰᠡᠨ ᠡᠴᠡ ᠬᠣᠶᠢᠰᠢ ᠯᠡ ᠳᠠᠭᠠᠷᠢᠭᠰᠠᠨ ᠂ ᠭᠦᠵᠢᠷᠳᠡᠭᠰᠡᠨ ᠮᠡᠳᠡᠭᠡᠯᠡᠯ ᠶᠡᠬᠡ ᠭᠠᠷᠤᠯ᠎ᠠ ᠃ ᠮᠣᠩᠭᠣᠯ ᠠᠷᠠᠳ ᠤᠨ ᠨᠠᠮ ᠡᠢᠮᠤ ᠶᠠᠭᠤᠮ᠎ᠠ ᠵᠣᠬᠢᠶᠠᠨ ᠪᠠᠶᠢᠭᠤᠯᠤᠨ ᠭᠠᠷᠭᠠᠵᠤ ᠪᠠᠶᠢᠨ᠎ᠠ ᠃ ᠡᠨᠡ ᠶᠠᠮᠠᠷ ᠤᠴᠢᠷᠲᠠᠢ ᠶᠤᠮ ᠪᠤᠢ ᠃ ᠪᠢ ᠮᠣᠩᠭᠣᠯ ᠠᠷᠠᠳ ᠤᠨ ᠨᠠᠮ ᠤᠨ ᠤᠳᠤᠷᠢᠳᠤᠯᠭ᠎ᠠ ᠨᠠᠷ ᠢ ᠨᠡᠶᠢᠰᠯᠡᠯ ᠦᠨ ᠰᠣᠩᠭᠣᠭᠤᠯᠢ ᠶ᠋ᠢᠨ ᠲᠣᠭᠣᠷᠢᠭ  ᠲᠤ ᠬᠠᠮᠲᠤ ᠥᠷᠢᠰᠦᠯᠳᠦᠵᠦ ᠂ ᠰᠣᠩᠭᠣᠭᠴᠢᠳ ᠤᠨ ᠰᠢᠳᠤᠷᠭᠤ ᠰᠢᠭᠦᠬᠦ ᠳ᠋ᠥ ᠣᠷᠣᠬᠤ ᠶ᠋ᠢ ᠤᠷᠢᠶᠠᠯᠠᠵᠤ ᠪᠠᠶᠢᠨ᠎ᠠ ᠃ ᠨᠠᠮ᠎ᠠ ᠶ᠋ᠢ ᠱᠣᠷᠣᠩ ᠢᠶᠠᠷ ᠠᠶᠤᠯᠭᠠᠬᠤ ᠦᠭᠡᠢ ᠰᠢᠦ  ᠭᠡᠰᠡᠨ ᠶᠤᠮ ᠃

ᠰᠡᠳᠬᠢᠭᠳᠡᠯ ᠦᠯᠡᠳᠡᠭᠡᠬᠦ