ᠭ᠊·ᠦᠢᠯᠡᠰᠲᠡᠭᠦᠯᠳᠡᠷ ᠄ ᠪᠦᠲᠦᠭᠡᠯ ᠊ᠢ ᠮᠢᠨᠢ ᠰᠡᠳᠬᠢᠯ ᠵᠢᠷᠦᠬᠡ ᠪᠡᠷ ᠵᠢᠨᠨ ᠮᠡᠳᠡᠷᠡᠵᠦ ᠂  ᠲᠠᠢᠳᠬᠤᠷᠠᠭᠠᠰᠠᠢ | News.MN

ᠭ᠊·ᠦᠢᠯᠡᠰᠲᠡᠭᠦᠯᠳᠡᠷ ᠄ ᠪᠦᠲᠦᠭᠡᠯ ᠊ᠢ ᠮᠢᠨᠢ ᠰᠡᠳᠬᠢᠯ ᠵᠢᠷᠦᠬᠡ ᠪᠡᠷ ᠵᠢᠨᠨ ᠮᠡᠳᠡᠷᠡᠵᠦ ᠂  ᠲᠠᠢᠳᠬᠤᠷᠠᠭᠠᠰᠠᠢ

Universe best songs ᠤᠷᠤᠯᠳᠤᠭᠠᠨ ᠪ 2009 ᠣᠨ ᠪ ᠰᠢᠯᠢᠳᠡᠭ ᠂ 2014 ᠣᠨ ᠪ ᠰᠢᠯᠢᠳᠡᠭ  ᠤᠨ ᠰᠢᠯᠢᠳᠡᠭ ᠣᠷᠤᠯᠴᠠᠭᠴᠢ ᠭ᠊·ᠦᠢᠯᠡᠰᠲᠡᠭᠦᠯᠳᠡᠷ ᠡ‍ᠳᠦᠭᠡ ᠪᠡᠶ᠎ᠡ ᠳᠠᠭᠠᠭᠠᠨ ᠤᠷᠠᠨ ᠪᠦᠲᠦᠭᠡᠯ ᠬᠢᠵᠦ ᠪᠠᠢᠢᠨ᠎ᠠ᠃ 2013 ᠣᠨ ᠳᠤ ᠠᠽᠢᠶ᠎ᠠ ᠵᠢᠨ ᠵᠠᠯᠠᠭᠤᠴᠤᠳ  ᠤᠨ ᠴᠤᠭᠯᠠᠭᠠᠨ ᠳᠤ ᠮᠤᠩᠭᠤᠯ ᠤᠯᠤᠰ ᠵᠢᠨᠨ ᠲᠥᠯᠦᠭᠡᠯᠡᠨ ᠣᠷᠤᠯᠴᠠᠵᠤ ᠂ ᠲᠠᠪᠤᠨ ᠬᠡᠯᠡ ᠪᠡᠷ ᠳᠠᠭᠤᠯᠠᠭᠰᠠᠨ᠃ ᠭᠤᠤᠯᠴᠢᠯᠠᠨ ᠪᠠᠯᠯᠠᠳ᠋ ᠤᠷᠤᠰᠬᠠᠯ ᠵᠢᠨᠷ ᠤᠷᠠᠨ ᠪᠦᠲᠦᠭᠡᠯ ᠵᠢᠨᠨ ᠲᠤᠭᠤᠷᠪᠢᠳᠠᠭ ᠪᠥᠭᠡᠳ ᠡ‍ᠬᠡ ᠣᠷᠤᠨ ᠳᠤ ᠪᠠᠨ ᠡ‍ᠭᠦᠨ ᠊ᠢ ᠬᠥᠭᠵᠢᠭᠦᠯᠬᠦ ᠪᠡᠷ ᠵᠤᠷᠢᠵᠤ ᠪᠤᠢ ᠲᠡᠭᠦᠨ ᠲᠠᠢ ᠶᠠᠷᠢᠯᠴᠠᠯ᠎ᠠ ᠃

– ᠠᠽᠢᠶ᠎ᠠ ᠳᠤ᠂ ᠲᠡᠷᠡ ᠳᠤᠮᠳᠠ ᠪᠠᠨ ᠮᠤᠩᠭᠤᠯ ᠳ᠋ᠤ ᠪᠠᠨ ᠬᠤᠶᠠᠳᠠᠬᠢ ᠡ‍ᠩᠬᠡ ᠲᠠᠢᠢᠪᠤᠩ᠂ ᠡ‍ᠷᠡᠭᠦᠯ ᠡ‍ᠩᠬᠡ ᠵᠢᠨ ᠰᠡᠳᠦᠪᠲᠦ ᠳᠠᠭᠤᠤ ᠵᠤᠬᠢᠶᠠᠭᠰᠠᠨ ᠲᠠᠨ ᠳᠤ ᠪᠠᠶᠠᠷ ᠬᠦᠷᠭᠡᠶ᠎ᠡ᠃ ︽ᠡ‍ᠬᠡ ᠳᠡᠯᠡᠬᠡᠢ ᠲᠠ ᠪᠦᠬᠦᠨ ᠊ᠢ ᠬᠠᠢᠢᠷᠠᠯᠠᠳᠠᠭ︾ ᠳᠠᠭᠤᠤ ᠪᠠᠨ ᠠᠩᠬᠠᠯᠠᠨ ᠶᠠᠭᠠᠬᠢᠭᠠᠳ ᠬᠢᠲᠠᠳ ᠬᠤᠪᠢᠯᠪᠤᠷᠢ ᠪᠡᠷ ᠭᠠᠷᠭᠠᠬᠤ ᠪᠣᠯᠪᠠ ︖

– ᠪᠠᠶᠠᠷᠯᠠᠯ᠎ᠠ᠃ ᠳᠡᠯᠡᠬᠡᠢ ᠵᠢᠨ ᠤᠯᠤᠰ ᠣᠷᠤᠨ ᠨᠤᠭᠤᠳ ᠲᠤ ᠪᠤᠢ ᠡ‍ᠷᠡᠭᠦᠯ ᠡ‍ᠩᠬᠡ ᠵᠢᠨ ᠲᠤᠬᠠᠢ ᠳᠠᠭᠤᠤ ᠵᠢ ᠰᠤᠨᠤᠰᠬᠤ ᠳ᠋ᠤ ᠪᠤᠰᠤᠳ ᠊ᠢ ᠰᠠᠢᠢᠨ ᠰᠠᠢᠢᠬᠠᠨ ᠳᠤ ᠤᠷᠢᠶᠠᠯᠠᠨ ᠳᠠᠭᠤᠳᠠᠭᠰᠠᠨ ᠥᠩᠭᠡ ᠠᠶᠠᠰ ᠲᠠᠢ ᠪᠠᠢᠢᠳᠠᠭ᠃ ᠪᠢ ᠡ‍ᠨᠡ ᠳᠠᠭᠤᠤ ᠪᠡᠷ ᠵᠢᠨᠨ ᠳᠡᠯᠡᠬᠡᠢ ᠵᠢ ᠬᠠᠮᠤᠷᠤᠭᠠᠳ ᠪᠤᠢ ᠺᠣᠷᠤᠨᠠ ᠸᠢᠷᠦ᠋ᠰ ᠦᠨ ᠠᠶᠤᠯ ᠊ᠢ ᠬᠥᠮᠦᠨ ᠲᠥᠷᠦᠯᠬᠢᠲᠡᠨ ᠡ‍ᠪ ᠨᠢᠭᠡᠳᠦᠯ  ᠤᠨ ᠬᠦᠴᠦ ᠪᠡᠷ ᠢᠯᠠᠨ ᠳᠡᠢᠢᠯᠦᠨ᠎ᠡ ᠂ ᠡ‍ᠨᠡ ᠪᠣᠯ ᠳᠡᠯᠡᠬᠡᠢ ᠨᠡᠢᠢᠲᠡ ᠵᠢᠨ ᠠᠶᠤᠯ ᠶᠤᠮ ᠰᠢᠦ ᠭᠡᠰᠡᠨ ᠣᠢᠢᠯᠠᠭᠠᠯᠲᠠ ᠥᠭᠬᠦ ᠵᠢ ᠵᠤᠷᠢᠭᠰᠠᠨ ᠃ ᠡ‍ᠭᠦᠨ ᠊ᠢ ᠪᠡᠨ ᠴᠡᠪᠡᠷ ᠪᠠᠯᠯᠠᠳ᠋ ᠤᠷᠤᠰᠬᠠᠯ ᠵᠢᠨᠷ ᠬᠢᠯ᠎ᠡ᠃ ᠴᠠᠷ᠎ᠠ ᠲᠠᠬᠤᠯ  ᠤᠨ ᠦᠶ᠎ᠡ ᠳ᠋ᠦ ᠰᠡᠳᠬᠢᠯ ᠵᠦᠢ ᠵᠢᠨ ᠳᠠᠷᠬᠠᠯᠠᠭ᠎ᠠ ᠮᠠᠰᠢ ᠰᠠᠢᠢᠲᠠᠢ ᠪᠠᠢᠢᠬᠤ ᠶᠤᠰᠤᠲᠠᠢ ᠭᠡᠵᠦ ᠡ‍ᠮᠴᠢ ᠨᠠᠷ ᠵᠥᠪᠯᠡᠵᠦ ᠪᠠᠢᠢᠭ᠎ᠠ ᠃ ᠳᠠᠭᠤᠤ ᠵᠢ ᠬᠢᠭᠢᠯᠢ ᠵᠢᠨ ᠡ‍ᠭᠡᠰᠢᠭ ᠵᠢᠨᠷ ᠡ‍ᠬᠢᠯᠡᠭᠦᠯᠦᠭᠰᠡᠨ ᠨᠢ ᠰᠠᠢᠢᠬᠠᠨ ᠠᠶᠠᠯᠭᠤ ᠪᠡᠷ ᠵᠢᠷᠦᠬᠡ ᠰᠡᠳᠬᠢᠯ ᠊ᠢ ᠡ‍ᠵᠡᠮᠳᠡᠨ ᠂ ᠬᠠᠢᠢᠷ᠎ᠠ ᠵᠢᠨ ᠳᠠᠪᠲᠠᠮᠵᠢ ᠪᠠᠷ ᠲᠠᠢᠢᠳᠬᠤᠷᠠᠭᠤᠯᠬᠤ ᠭᠡᠰᠡᠨ ᠰᠠᠨᠠᠭ᠎ᠠ ᠲᠠᠢ᠃ ᠳᠠᠭᠤᠤ ᠪᠠᠨ ᠬᠤᠶᠠᠳᠤᠭᠠᠷ ᠰᠠᠷ᠎ᠠ ᠵᠢᠨ 6 – 10᠎ ᠳ᠋ᠦ ᠵᠤᠬᠢᠶᠠᠵᠤ ᠂ ᠭᠤᠷᠪᠠᠳᠤᠭᠠᠷ ᠰᠠᠷ᠎ᠠ ᠵᠢᠨ 3᠎ ᠳ᠋ᠦ ᠬᠢᠲᠠᠳ ᠬᠡᠯᠡ ᠪᠡᠷ ᠰᠠᠴᠤᠭᠰᠠᠨ ᠶᠤᠮ ᠃ ︽ᠶᠠᠭᠠᠬᠢᠭᠠᠳ ᠵᠠᠪᠠᠯ ᠦᠬᠠᠨ ᠬᠤᠲᠠ ᠵᠢᠨ ᠲᠤᠬᠠᠢ ᠳᠠᠭᠤᠯᠠᠭᠰᠠᠨ ᠪᠤᠢ ᠂ ᠬᠢᠲᠠᠳ ᠳᠠᠭᠤᠤ ᠶᠤᠮ ᠦᠦ ︾ᠭᠡᠵᠦ ᠣᠯᠠᠨ ᠬᠥᠮᠦᠨ ᠠᠰᠠᠭᠤᠭᠰᠠᠨ ᠯᠡ ᠳ᠋ᠠ ᠃ ᠲᠤᠬᠠᠢ ᠵᠢᠨ ᠴᠠᠭ ᠦᠶ᠎ᠡ ᠳ᠋ᠦ ᠮᠠᠰᠢ ᠬᠦᠨᠳᠦ ᠪᠠᠢᠢᠳᠠᠯ ᠳᠤ ᠪᠠᠢᠢᠭᠰᠠᠨ ᠦᠬᠠᠨ ᠬᠤᠲᠠ ᠵᠢ ᠳᠤᠷᠠᠳᠬᠤ ᠡᠴᠠ ᠥᠭᠡᠷ᠎ᠡ ᠠᠷᠭ᠎ᠠ ᠪᠠᠢᠢᠭ᠎ᠠ ᠦᠭᠡᠢ ᠃

– ᠲᠠ ᠨᠢᠭᠡᠨ ᠲᠤᠷᠰᠢᠯᠲᠠ ᠶᠠᠪᠤᠭᠤᠯᠤᠭᠰᠠᠨ ᠭᠡᠵᠦ ᠰᠤᠨᠤᠰᠤᠭᠰᠠᠨ᠃ ᠡ‍ᠨᠡ ᠲᠤᠬᠠᠢ ᠳᠡᠯᠭᠡᠷᠡᠩᠭᠦᠢ ᠶᠠᠷᠢᠭᠠᠴᠢ ᠃

– EQ ᠪᠣᠯᠪᠠᠰᠤᠷᠠᠯ  ᠤᠨ ᠲᠥᠪ  ᠤᠨ ᠪᠠᠭᠰᠢ᠂ ᠰᠤᠳᠤᠯᠤᠭᠠᠴᠢ ᠯ᠊·ᠡ‍ᠩᠬᠡᠲᠤᠶᠠᠭ᠎ᠠ ᠡ‍ᠭᠡᠴᠢ ᠨᠠᠳᠠ ᠳᠤ ᠨᠢᠭᠡ ᠰᠤᠨᠢᠷᠬᠠᠯᠲᠠᠢ ᠲᠤᠷᠰᠢᠯᠲᠠ ᠶᠠᠪᠤᠭᠤᠯᠬᠤ ᠵᠢ ᠵᠥᠪᠯᠡᠭᠰᠡᠨ ᠶᠤᠮ ᠃ ᠡ‍ᠭᠦᠨ ᠪ ᠳᠠᠭᠠᠤ ᠬᠤᠶᠠᠷ ᠰᠢᠯᠤᠨ ᠠᠶᠠᠭᠠᠨ ᠳᠤ ᠤᠰᠤ ᠬᠢᠭᠡᠳ ᠨᠢᠭᠡᠨ ᠳ᠋ᠦ ᠨᠢ ᠡ‍ᠩᠬᠡ ᠲᠠᠢᠢᠪᠤᠩ᠂ ᠡ‍ᠷᠡᠭᠦᠯ ᠡ‍ᠩᠬᠡ ᠵᠢᠨ ᠰᠡᠳᠦᠪ ᠲᠠᠢ ᠳᠠᠭᠤᠤ ︽ᠰᠤᠨᠤᠰᠬᠠᠭᠠᠳ︾ᠬᠥᠯᠳᠡᠭᠡᠭᠰᠡᠨ᠃ ᠲᠡᠭᠡᠬᠦ ᠳ᠋ᠦ ᠰᠠᠯᠬᠢ ᠬᠤᠢᠢᠯᠠᠷᠠᠵᠤ ᠪᠤᠢ ᠮᠡᠲᠦ ᠬᠡᠯᠪᠡᠷᠢ ᠲᠠᠢ᠂ ᠲᠤᠩᠭᠠᠯᠠᠭ ᠪᠠᠢᠢᠳᠠᠯ ᠲᠠᠢ ᠬᠥᠯᠳᠡᠭᠰᠡᠨ ᠪᠥᠭᠡᠳ ᠰᠤᠯᠤᠩᠭᠠᠷᠠᠭᠰᠠᠨ ᠲᠤᠶᠠᠭ᠎ᠠ ᠲᠠᠲᠠᠭᠰᠠᠨ ᠪᠠᠢᠢᠪᠠ᠃ ᠬᠠᠷᠢᠨ ᠳᠠᠭᠤᠤ︽ᠰᠤᠨᠤᠰᠤᠭᠰᠠᠨ ᠦᠭᠡᠢ︾ᠤᠰᠤ ᠨᠢ ᠡ‍ᠪ ᠬᠠᠪᠤ ᠦᠭᠡᠢ ᠂ ᠬᠠᠳᠠ ᠠᠰᠬ᠎ᠠ ᠰᠢᠭ᠋ ᠳᠦᠷᠰᠦ ᠡ‍ᠭᠦᠰᠬᠡᠵᠦ ᠬᠥᠯᠳᠡᠭᠰᠡᠨ ᠪᠠᠢᠢᠯ᠎ᠠ᠃ ᠪᠢ ᠬᠠᠷᠠᠭᠠᠳ ᠦᠨᠡᠬᠡᠷ ᠭᠠᠢᠢᠬᠠᠭᠰᠠᠨ᠃ ᠡ‍ᠢᠢᠮᠦ ᠲᠤᠷᠰᠢᠯᠲᠠ ᠬᠢᠬᠦ ᠵᠢ ᠵᠥᠪᠯᠡᠭᠰᠡᠨ ᠯ᠊·ᠡ‍ᠩᠬᠡᠲᠤᠶᠠᠭ᠎ᠠ ᠡ‍ᠭᠡᠴᠢ ᠳ᠋ᠦ ᠪᠠᠶᠠᠷᠯᠠᠭᠰᠠᠨ ᠵᠢᠨᠨ ᠢᠯᠡᠷᠬᠡᠢᠢᠯᠡᠶ᠎ᠡ ᠃

– ᠳᠠᠭᠤᠤ ᠬᠥᠭᠵᠢᠮ  ᠦᠨ ᠪᠠᠯᠯᠠᠳ᠋ ᠲᠥᠷᠦᠯ  ᠦᠨ ᠲᠠᠯ᠎ᠠ ᠪᠡᠷ ᠮᠡᠳᠡᠳᠡᠭ ᠬᠥᠮᠦᠨ ᠮᠤᠩᠭᠤᠯ ᠳᠦ ᠬᠢᠷᠢ ᠣᠯᠠᠨ ᠪᠤᠢ ︖

–  ᠳᠠᠭᠤᠤ ᠳ᠋ᠤ ᠪᠠᠨ ᠬᠠᠶᠠ ᠰᠢᠩᠭᠡᠭᠡᠳᠡᠭ ᠬᠥᠮᠦᠰ ᠪᠣᠯ ᠪᠤᠢ ᠃ ᠡ‍ᠨᠡ ᠤᠷᠤᠰᠬᠠᠯ ᠵᠢᠨᠷ ᠳᠠᠩᠨᠠᠭᠰᠠᠨ ᠨᠢ ᠪᠠᠢᠢᠬᠤ ᠦᠭᠡᠢ ᠃ ᠬᠥᠮᠦᠰ ᠶᠡᠬᠡᠪᠴᠢᠯᠡᠨ ᠰᠤᠯᠤᠩᠭᠤᠰ  ᠤᠨ ᠣᠯᠠᠨ ᠠᠩᠭᠢ ᠲᠠᠢ ᠺᠢᠨᠣ᠋ ᠵᠢᠨ ᠬᠥᠭᠵᠢᠮ ᠭᠡᠵᠦ ᠣᠢᠢᠯᠠᠭᠠᠳᠠᠭ ᠃ ᠭᠡᠲᠡᠯ᠎ᠡ ᠡ‍ᠨᠡ ᠨᠢ ᠹᠷᠠᠨᠼᠢ ᠤᠯᠤᠰ ᠡᠴᠠ ᠭᠠᠷᠤᠯᠲᠠᠢ ᠂ ᠮᠠᠰᠢ ᠨᠠᠷᠢᠨ ︽ᠬᠢᠴᠡᠲᠡᠢ︾ᠲᠥᠷᠦᠯ ᠃ ᠮᠤᠩᠭᠤᠯ ᠳᠤ ᠬᠥᠭᠵᠢᠭᠦᠯᠬᠦ ᠵᠤᠷᠢᠯᠭ᠎ᠠ ᠲᠠᠢ ᠰᠤᠳᠤᠯᠭᠠᠨ ᠬᠢᠵᠦ ᠪᠠᠢᠢᠨ᠎ᠠ ᠃

ᠰᠡᠳᠬᠢᠭᠳᠡᠯ ᠦᠯᠡᠳᠡᠭᠡᠬᠦ