The Voice of Mongolia ᠭᠠᠷᠠᠭ ᠲᠤ ᠬᠤᠶᠠᠷ ᠤᠳᠠᠭ᠎ᠠ ᠭᠠᠷᠬᠤ ᠪᠡᠷ ᠪᠣᠯᠤᠯ᠎ᠠ | News.MN

  The Voice of Mongolia ᠭᠠᠷᠠᠭ ᠲᠤ ᠬᠤᠶᠠᠷ ᠤᠳᠠᠭ᠎ᠠ ᠭᠠᠷᠬᠤ ᠪᠡᠷ ᠪᠣᠯᠤᠯ᠎ᠠ

The Voice of Mongolia  ᠴᠡᠩᠭᠡᠭᠦᠨ ᠡ‍ᠨᠡ ᠳᠤᠯᠤᠭ᠎ᠠ ᠬᠤᠨᠤᠭ ᠡᠴᠠ ᠠᠮᠠᠷᠠᠯᠲᠠ ᠵᠢᠨ ᠬᠤᠶᠠᠷ ᠡ‍ᠳᠦᠷ ᠪᠤᠶᠤ ᠪᠢᠮᠪᠠ ᠂ ᠨᠢᠮ᠎ᠠ ᠭᠠᠷᠠᠭ ᠲᠤ ᠰᠢᠭᠤᠳ  ᠰᠠᠴᠤᠭᠳᠠᠬᠤ ᠪᠠᠷ ᠪᠣᠯᠤᠭᠰᠠᠨ ᠪᠠᠢᠢᠨ᠎ᠠ ᠃ ᠥᠩᠭᠡᠷᠡᠭᠰᠡᠨ ᠳᠤᠯᠤᠭ᠎ᠠ ᠬᠤᠨᠤᠭ ᠤᠳ ᠲᠤ ᠵᠥᠪᠬᠡᠨ ᠨᠢᠮ᠎ᠠ ᠭᠠᠷᠠᠭ ᠲᠤ ᠨᠢᠭᠡ ᠳ᠋ᠤᠭᠠᠷ ᠰᠠᠴᠤᠭᠳᠠᠵᠤ ᠪᠠᠢᠢᠪᠠ᠃ ᠥᠩᠭᠡᠷᠡᠭᠰᠡᠨ ᠬᠤᠶᠠᠷ ᠳᠤᠯᠤᠭ᠎ᠠ ᠬᠤᠨᠤᠭ  ᠤᠨ ᠳ᠋ᠤᠭᠠᠷ  ᠲᠤ The Knock Out ᠱᠠᠲᠤᠨ ᠳᠤ ᠳ᠋᠊ · ᠤᠯᠠᠮᠪᠠᠶᠠᠷ ᠪᠣᠯᠤᠨ ᠳ᠋᠊ ·ᠣᠳᠬᠤᠨᠪᠠᠶᠠᠷ ᠰᠢᠭᠦᠭᠴᠢ᠂ ᠳᠠᠰᠬᠠᠯᠵᠢᠭᠤᠯᠤᠭᠴᠢ ᠵᠢᠨ ᠬᠤᠶᠠᠷ ᠂ ᠬᠤᠶᠠᠷ ᠰᠢᠯᠢᠳᠡᠭ ᠤᠷᠤᠯᠴᠠᠭᠴᠢ ᠦᠵᠡᠭᠴᠢᠳ  ᠤᠨ ᠪᠣᠯᠤᠨ ᠰᠢᠭᠦᠭᠴᠢᠳ  ᠤᠨ ᠰᠠᠨᠠᠯ ᠵᠢᠨᠷ ᠰᠢᠯᠭᠠᠷᠠᠭᠠᠳ ᠪᠠᠢᠢᠭ᠎ᠠ ᠪᠢᠯᠡ ᠃

ᠡ‍ᠨᠡ ᠳᠤᠯᠤᠭ᠎ᠠ ᠬᠤᠨᠤᠭ  ᠤᠨ ᠪᠢᠮᠪᠠ ᠭᠠᠷᠠᠭ ᠲᠤ ᠰᠢᠭᠦᠭᠴᠢ᠂ ᠳᠠᠰᠬᠠᠯᠵᠢᠭᠤᠯᠤᠭᠴᠢ ᠳ᠋᠊·ᠪᠣᠯᠤᠳ  ᠤᠨ ᠪᠠᠭ  ᠤᠨ ᠰᠢᠯᠢᠳᠡᠭ ᠲᠠᠪᠤᠨ ᠣᠷᠤᠯᠴᠠᠭᠴᠢ ᠪᠣᠯᠬᠤ ᠥ᠊·ᠠᠵᠠᠵᠤᠷᠢᠭ᠂ ᠪ᠊·ᠠᠨᠤᠵᠢᠨ᠂ ᠪ᠊·ᠠᠯᠤᠩᠭᠤᠸ᠎ᠠ ᠂ ᠪ᠊·ᠠᠨᠤ ᠂ ᠮ᠊ · ᠪᠠᠲᠤᠵᠤᠷᠢᠭ ᠨᠠᠷ ᠠᠮᠢᠳᠤᠷᠠᠯ ᠵᠢᠨᠨ ᠥᠭᠡᠷᠡᠴᠢᠯᠡᠬᠦ ᠠᠯᠲᠠᠨ ᠪᠣᠯᠤᠮᠵᠢ ᠵᠢ ᠠᠳᠬᠤᠬᠤ ᠠᠶᠠᠯᠠᠯ ᠳ᠋ᠤ ᠪᠠᠨ ᠨᠢᠭᠡ ᠠᠯᠬᠤᠮ ᠬᠢᠵᠦ ᠴᠢᠳᠠᠬᠤ ᠡ‍ᠰᠡᠬᠦ ᠪᠡᠨ ᠰᠢᠢᠳᠦᠨ᠎ᠡ ᠃ ᠨᠢᠮ᠎ᠠ ᠭᠠᠷᠠᠭ ᠲᠤ ᠰ᠊·ᠣᠨᠤᠨᠪᠠᠲᠤ ᠰᠢᠭᠦᠭᠴᠢ᠂ ᠳᠠᠰᠬᠠᠯᠵᠢᠭᠤᠯᠤᠭᠴᠢ ᠵᠢᠨ ᠪᠠᠭ  ᠤᠨ ᠰᠢᠯᠢᠳᠡᠭ ᠲᠠᠪᠤᠨ ᠣᠷᠤᠯᠴᠠᠭᠴᠢ ᠪᠣᠯᠬᠤ ᠣ᠊·ᠠᠵᠠᠪᠠᠶᠠᠷ᠂ ᠡ‍᠊·ᠠᠨᠤᠳᠠᠷᠢ᠂ ᠪ᠊ ·ᠪᠢᠨᠳᠦᠷᠢᠶ᠎ᠠ ᠂ ᠮ᠊·ᠰᠠᠷᠠᠨᠮᠠᠷᠠᠯ ᠂ ᠳ᠋᠊·ᠴᠤᠯᠮᠤᠨ ᠨᠠᠷ ᠮᠥᠨ ᠠᠳᠠᠯᠢ ᠰᠢᠯᠭᠠᠭᠤᠷ ᠲᠠᠢ ᠲᠤᠯᠭᠠᠷᠠᠵᠤ᠂ The Knock Out ᠱᠠᠲᠤᠨ ᠪ ᠰᠢᠷᠦᠭᠦᠬᠡᠨ ᠥᠷᠢᠰᠦᠯᠳᠦᠭᠡᠨ ᠊ᠢ ᠬᠠᠷᠠᠭᠤᠯᠬᠤ ᠶᠤᠮ ᠪᠠᠢᠢᠨ᠎ᠠ ᠃

ᠰᠡᠳᠬᠢᠭᠳᠡᠯ ᠦᠯᠡᠳᠡᠭᠡᠬᠦ