ᠬ∙ᠴᠠᠭᠠᠨᠪᠠᠭᠠᠲᠤᠷ᠄ ᠴᠢᠨᠤ ᠺᠢᠮᠤᠨᠤ᠋ ᠶᠢ ᠡᠮᠦᠰᠦᠭᠡᠳ ᠠᠪᠤᠷᠭᠤ ᠪᠣᠯᠤᠯ᠎ᠠ ᠭᠡᠵᠦ ᠬᠡᠯᠡᠵᠦ ᠪᠢᠯᠡ | News.MN

ᠬ∙ᠴᠠᠭᠠᠨᠪᠠᠭᠠᠲᠤᠷ᠄ ᠴᠢᠨᠤ ᠺᠢᠮᠤᠨᠤ᠋ ᠶᠢ ᠡᠮᠦᠰᠦᠭᠡᠳ ᠠᠪᠤᠷᠭᠤ ᠪᠣᠯᠤᠯ᠎ᠠ ᠭᠡᠵᠦ ᠬᠡᠯᠡᠵᠦ ᠪᠢᠯᠡ

ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠭᠠᠪᠢᠶᠠᠲᠤ ᠲᠠᠮᠢᠷᠴᠢᠨ᠂ ᠳᠡᠯᠡᠬᠡᠢ ᠶᠢᠨ ᠠᠪᠤᠷᠭᠤ᠂ ᠣᠯᠢᠮᠫ ᠤᠨ ᠬᠦᠷᠡᠯ ᠮᠸᠳᠠᠯᠲᠤ  ᠬᠠᠰᠪᠠᠭᠠᠲᠤᠷ ᠤᠨ  ᠴᠠᠭᠠᠨᠪᠠᠭᠠᠲᠤᠷ ᠥᠪᠡᠷ ᠦᠨ ᠴᠠᠬᠢᠮ ᠬᠠᠭᠤᠳᠠᠰᠤ ᠪᠠᠷ ᠢᠶᠠᠨ ᠍ ᠨᠢᠭᠡᠨ ᠳᠤᠷᠠᠰᠤᠮᠵᠢ ᠪᠠᠨ ᠳᠡᠯᠭᠡᠯ᠎ᠡ᠃ ᠲᠡᠷᠡ᠄ ᠡᠨᠡ ᠰᠡᠮᠡᠷᠡᠭᠰᠡᠨ ᠺᠢᠮᠤᠨᠤ᠋ ᠶᠢ 2003 ᠣᠨ ᠤ ᠳᠡᠯᠡᠬᠡᠢ ᠶᠢᠨ ᠠᠪᠤᠷᠭᠤ᠂ 2004 ᠣᠨ ᠤ ᠣᠯᠢᠮᠫ ᠤᠨ ᠠᠪᠤᠷᠭᠤ ᠠᠯᠳᠠᠷᠲᠤ ᠯᠢ ᠸᠣᠨ ᠾᠢ ᠡᠮᠦᠰᠴᠦ᠂ ᠣᠯᠢᠮᠫ᠂ ᠳᠡᠯᠡᠬᠡᠢ ᠶᠢᠨ ᠠᠪᠤᠷᠭᠤ ᠪᠣᠯᠤᠭᠰᠠᠨ᠃  ᠪᠦᠭᠦᠳᠡ ᠨᠠᠢᠷᠠᠮᠳᠠᠬᠤ ᠰᠤᠯᠤᠩᠭᠤᠰ ᠤᠯᠤᠰ ᠠᠴᠠ  ᠵᠢᠦ᠋ᠳᠣ᠋ ᠪᠥᠬᠡ ᠶᠢᠨ ᠬᠣᠯᠪᠣᠭᠠᠨ ᠳᠤ ᠲᠤᠰᠠᠯᠠᠮᠵᠢ ᠪᠠᠷ ᠪᠠᠬᠠᠨ ᠺᠢᠮᠤᠨᠤ᠋ ᠢᠷᠡᠭᠡᠳ ᠲᠡᠷᠡ ᠳᠣᠲᠣᠷ᠎ᠠ ᠠᠴᠠ ᠴᠠᠭᠠᠨ᠂ ᠴᠡᠩᠬᠡᠷ ᠺᠢᠮᠤᠨᠤ᠋ ᠰᠣᠩᠭᠣᠵᠤ ᠠᠪᠴᠤ ᠡᠮᠦᠰᠴᠦ ᠪᠢᠯᠡ᠃

ᠠᠽᠢᠶ᠎ᠠ ᠶᠢᠨ ᠨᠠᠭᠠᠳᠤᠮ ᠢᠶᠠᠷ ᠡᠮᠦᠰᠦᠭᠡᠳ ᠪᠠᠷᠢᠯᠳᠤᠵᠤ ᠪᠠᠶᠢᠬᠤ ᠳᠤ ᠡᠵᠡᠨ ᠨᠢ ᠥᠪᠡᠷ ᠢᠶᠡᠨ ᠬᠠᠷᠠᠭᠠᠳ ᠮᠢᠨᠦ ᠺᠢᠮᠤᠨᠤ᠋ ᠭᠡᠵᠦ ᠬᠡᠯᠡᠭᠰᠡᠨ᠃ ᠲᠤᠬᠠᠢ ᠶᠢᠨ ᠦᠶ᠎ᠡ ᠳᠦ ᠶᠡᠬᠡ ᠯᠠ ᠢᠴᠢᠵᠤ ᠪᠠᠶᠢᠭᠰᠠᠨ ᠴᠤ ᠬᠣᠵᠢᠮ ᠬᠣᠶᠢᠨ᠎ᠠ ᠠᠮᠵᠢᠯᠲᠠ ᠭᠠᠷᠭᠠᠴᠢᠬᠠᠭᠠᠳ ᠪᠠᠬᠠᠷᠬᠠᠯᠲᠠᠢ ᠪᠠᠷ᠄ ᠪᠢ ᠴᠢᠨᠤ ᠺᠢᠮᠤᠨᠤ᠋ ᠶᠢ ᠡᠮᠦᠰᠦᠭᠡᠳ ᠴᠢᠮ᠎ᠠ ᠰᠢᠭ᠋ ᠳᠡᠯᠡᠬᠡᠢ ᠶᠢᠨ ᠠᠪᠤᠷᠭᠤ ᠪᠣᠯᠤᠯ᠎ᠠ ᠭᠡᠵᠦ ᠨᠢᠭᠤᠷ ᠪᠠᠷᠳᠠᠮ ᠬᠡᠯᠡᠵᠦ ᠪᠢᠯᠡ ᠭᠡᠵᠡᠢ᠃

ᠰᠡᠳᠬᠢᠭᠳᠡᠯ ᠦᠯᠡᠳᠡᠭᠡᠬᠦ